ᠮᠤᠩᠭᠤᠯ ᠠᠨᠠᠭᠠᠬᠤ ᠤᠬᠠᠭᠠᠨ ᠤ ᠬᠥᠭᠵᠢᠯᠲᠡ ᠶᠢᠨ ᠲᠥᠢᠮᠤ | ᠮᠤᠩᠭᠤᠯ ᠠᠨᠠᠭᠠᠬᠤ ᠤᠬᠠᠭᠠᠨ ᠪᠣᠯ ᠳᠡᠯᠡᠬᠡᠢ ᠶᠢᠨ ᠤᠯᠠᠮᠵᠢᠯᠠᠯᠲᠤ ᠠᠨᠠᠭᠠᠬᠤ ᠤᠬᠠᠭᠠᠨᠣ ᠨᠢᠭᠡ ᠨᠢ ᠶᠤᠮ᠃ | ᠲᠡᠷᠡ ᠨᠢ ᠤᠨ ᠲᠤᠭᠠᠯᠠᠯ ᠠᠴᠠ ᠡᠮᠥᠨ᠎ᠡ ᠨᠢᠭᠡᠨᠲᠡ ᠡᠭᠦᠰᠴᠤ ᠭᠥᠭᠵᠢᠭᠰᠡᠨ ᠪᠥᠭᠡᠳ ᠮᠠᠰᠢ ᠥᠨᠢ ᠤᠳᠠᠭᠠᠨ | ᠬᠤᠭᠤᠴᠠᠭᠠᠨ ᠤ ᠲᠡᠥᠬᠡᠴᠢ ᠴᠢᠨᠠᠷ ᠲᠠᠢ ᠶᠤᠮ᠃ ᠮᠤᠩᠭᠤᠯ ᠠᠨᠠᠭᠠᠬᠤ ᠤᠬᠠᠭᠠᠨ ᠤ ᠬᠥᠭᠵᠢᠯᠲᠡ ᠨᠢ ᠮᠤᠩᠭᠤᠯ | ᠥᠨᠳᠥᠰᠥᠲᠡᠨ ᠤ ᠠᠵᠤ ᠠᠬᠤᠢ᠂ ᠰᠤᠶᠤᠯ᠂ ᠮᠤᠩᠭᠤᠯ ᠠᠨᠠᠭᠠᠬᠤ ᠤᠬᠠᠭᠠᠨ ᠤ ᠬᠥᠭᠵᠢᠯᠲᠡ ᠶᠢᠨ ᠤᠨᠴᠠᠯᠢᠭ ᠢ | ᠥᠨᠳᠥᠰᠥᠯᠡᠨ ᠳᠤᠤᠷᠠᠬᠢ ᠮᠡᠲᠤ ᠳᠥᠷᠪᠡᠨ ᠱᠠᠲᠤ ᠬᠤᠪᠢᠶᠠᠨ᠎ᠠ᠄ | 1. ᠮᠤᠩᠭᠤᠯ ᠠᠨᠠᠭᠠᠬᠤ ᠤᠬᠠᠭᠠᠨ ᠤ ᠰᠤᠶᠤᠭᠠᠯᠠᠯ᠂ ᠲᠤᠷᠰᠢᠯᠭ᠎ᠠ ᠶᠢᠨ ᠬᠤᠷᠠᠮᠳᠤᠭᠤᠯᠤᠯ ᠤᠨ ᠱᠠᠲᠤ᠄ | ︵ᠤᠨ ᠲᠤᠭᠠᠯᠠᠯ ᠤᠨ ᠡᠮᠤᠨᠡᠬᠢ7 00 ᠵᠢᠯ —12 ᠳ᠋ᠤᠭᠠᠷ ᠵᠠᠭᠤᠨ ᠠᠴᠠ ᠡᠮᠥᠨᠡᠬᠢ ︶ | ᠲᠠᠪᠢᠨ ᠬᠡᠳᠥᠨ ᠲᠥᠮᠡᠨ ᠵᠢᠯ ᠤᠨ ᠡᠮᠥᠨ᠎ᠡ ᠮᠤᠩᠭᠤᠯᠴᠤᠳ ᠤᠨᠡᠷᠲᠡ ᠬᠤᠯᠠ ᠶᠢᠨ ᠡᠪᠦᠭᠡ ᠳᠡᠭᠡᠳᠥᠰ | ᠪᠡᠭᠡᠵᠢᠩ ᠤᠨ ᠰᠠᠷᠠᠮᠠᠭᠴᠢᠨ ᠭᠥᠮᠥᠨ ︵ᠪᠡᠭᠡᠵᠢᠩ ᠤᠨ ᠬᠥᠮᠥᠨ︶ ᠭᠠᠯ ᠢ ᠡᠭᠦᠳᠴᠤ ᠬᠡᠷᠡᠭᠯᠡᠨ᠂ ᠡᠭᠦᠨ ᠤ ᠤᠯᠠᠮ | ᠢᠶᠠᠷ ᠲᠥᠭᠡᠨᠡᠬᠦ ᠵᠠᠰᠠᠯ ᠢ ᠢᠯᠡᠷᠡᠭᠦᠯᠥᠨ ᠭᠡᠷᠡᠭᠯᠡᠭᠰᠡᠨ ᠪᠠᠶᠢᠨ᠎ᠠ᠂ ᠴᠢᠯᠠᠭᠤᠨ ᠵᠡᠪᠰᠡᠭ ᠤᠨ ᠥᠶ᠎ᠡ ᠳᠤ᠂ᠴᠢᠯᠠᠭᠤᠨ | ᠵᠡᠭᠦᠥ᠂ ᠶᠠᠰᠤᠨ ᠵᠡᠭᠦᠥ ᠬᠤᠵᠢᠮ ᠨᠢ ᠡᠾᠥᠩᠨᠤ ᠶᠢᠨ ᠡᠷᠲᠡᠨ ᠤ ᠥᠶ᠎ᠡ ᠶᠢᠨ ᠬᠥᠷᠡᠯ ᠵᠡᠭᠦᠥ ᠬᠥᠷᠡᠯ ᠡᠮᠨᠡᠯᠭᠡ ᠶᠢᠨ | ᠪᠠᠭᠠᠵᠢ ᠵᠡᠷᠭᠡ ᠨᠢ ᠮᠤᠩᠭᠤᠯ ᠡᠮᠨᠡᠯᠭᠡ ᠪᠠ ᠳᠤᠷᠤᠨ᠎ᠠ ᠳ᠋ᠠᠬᠢᠨ ᠤ ᠤᠯᠠᠮᠵᠢᠯᠠᠯᠳᠤ ᠠᠨᠠᠭᠠᠬᠤ ᠤᠬᠠᠭᠠᠨ ᠤ ᠡᠷᠲᠡ | ᠳᠡᠭᠡᠳᠤ ᠥᠶ᠎ᠡ ᠶᠢᠨ ᠰᠤᠶᠤᠭᠠᠯᠠᠯ ᠤᠨ ᠴᠢᠬᠤᠯᠠ ᠭᠡᠷᠡᠴᠢ ᠪᠠᠷᠢᠮᠳᠠ ᠪᠤᠯᠵᠤ᠂ ᠡᠭᠦᠨ ᠤ ᠤᠯᠠᠮ ᠠᠴᠠ ᠨᠡᠭᠦᠳᠡᠯ | ᠮᠠᠯᠵᠢᠯ ᠢᠶᠠᠷ ᠭᠤᠤᠯᠯᠠᠭᠰᠠᠨ ᠮᠤᠩᠭᠤᠯᠴᠤᠳ ᠤᠨ ᠡᠪᠦᠭᠡ ᠳᠡᠭᠡᠳᠥᠰ ᠨᠢ ᠤᠷᠲᠤ ᠬᠤᠭᠤᠴᠠᠭᠠᠨ ᠤ ᠥᠢᠯᠡᠳᠥᠯᠭᠡ | ᠠᠮᠢᠳᠤᠷᠠᠯ ᠳᠤᠮᠳᠠ ᠠᠴᠠ ᠨᠡᠭᠦᠳᠡᠯ ᠮᠠᠯᠵᠢᠯ ᠤᠨ ᠤᠨᠴᠠᠯᠢᠭ ᠪᠥᠬᠦᠢ ᠠᠩᠬᠠᠨ ᠤ ᠡᠮᠨᠡᠯᠭᠡ ᠶᠢ ᠬᠤᠷᠠᠮᠳᠤᠭᠤᠯᠵᠠᠢ᠂ | ᠤᠨᠴᠤᠭᠠᠶᠢᠯᠠᠨ ᠵᠡᠭᠦᠥ ᠲᠥᠭᠡᠨᠡᠯᠭᠡ᠂ ᠶᠠᠰᠤ ᠪᠡᠷᠳᠡᠩᠬᠢ᠂ ᠠᠮᠢᠳᠤ ᠪᠤᠳᠠᠰ᠂ ᠡᠮ ᠨᠠᠶᠢᠷᠠᠯᠭ᠎ᠠ ᠶᠢᠨ ᠲᠠᠯ᠎ᠠ ᠪᠠᠷ ᠨᠡᠩ | ᠲᠤᠪᠤᠶᠢᠮ᠎ᠠ ᠪᠠᠶᠢᠵᠤ᠂ ᠬᠤᠶᠠᠷ ᠮᠢᠩᠭᠠᠨ ᠵᠢᠯ ᠤᠨ ᠡᠮᠥᠨ᠎ᠡ ᠨᠢᠭᠡᠨᠲᠡ ︽ᠬᠤ᠋ ᠶᠢᠨ ᠡᠮᠴᠢ︾᠂ ᠬᠤ᠋ ᠵᠢᠨᠡᠮᠴᠢᠯᠡᠭᠡ | ᠲᠠᠢ ᠪᠤᠯᠵᠠᠢ᠃ ᠡᠭᠦᠨ ᠳᠤ ᠵᠡᠭᠦᠥ ᠲᠥᠭᠡᠨᠡᠯᠭᠡ ᠨᠢ ᠴᠥᠨ ᠴᠢᠤ ᠪᠠᠶᠢᠯᠳᠤᠭᠠᠨᠲᠤ ᠣᠯᠰ ᠤᠨ ᠥᠶ᠎ᠡ ᠳᠤ ᠳᠤᠮᠳᠠᠳᠤ | ᠤᠷᠤᠨ ᠬᠢᠬᠡᠳ ᠡᠷᠲᠡᠨ ᠤ ᠡᠨᠡᠳᠭᠡᠭ ᠲᠤ ᠳᠠᠮᠵᠢᠭᠳᠠᠨ ᠭᠥᠷᠴᠤ ᠬᠢᠲᠠᠳ ᠡᠮᠨᠡᠯᠭᠡ ᠶᠢᠨ ᠵᠡᠭᠦᠥ ᠲᠥᠭᠡᠨᠡᠯᠭᠡ ᠶᠢᠨ | ᠡᠬᠢ ᠨᠢ ᠪᠤᠯᠵᠠᠢ᠃ | 2. ᠡᠷᠳᠡᠨ ᠤ ᠮᠤᠩᠭᠤᠯ ᠠᠨᠠᠭᠠᠬᠤ ᠤᠬᠠᠭᠠᠨ ᠤ ᠪᠦᠷᠢᠯᠳᠤᠯ ᠬᠢᠭᠡᠳ ᠬᠥᠭᠵᠢᠯᠲᠡ᠄ | ︵ᠤᠨ ᠲᠤᠭᠠᠯᠠᠯ ᠤᠨ 13 ᠳ᠋ᠤᠭᠠᠷ ᠵᠠᠭᠤᠨ — ᠤᠨ ᠲᠤᠭᠠᠯᠠᠯ ᠤᠨ 16 ᠳ᠋ᠤᠭᠠᠷ ᠵᠠᠭᠤᠨ︶ | ᠤᠨ ᠲᠤᠭᠠᠯᠠᠯ ᠤᠨ ᠡᠮᠥᠨ᠎ᠡ ᠨᠢᠭᠡᠳᠥᠭᠡᠷ ᠵᠠᠭᠤᠨ ᠳᠤ ᠮᠤᠩᠭᠤᠯ ᠠᠨᠠᠭᠠᠬᠤ ᠤᠬᠠᠭᠠᠨ ᠤ ᠬᠠᠮᠤᠭ ᠠᠩᠬᠠᠨ ᠤ | ᠤᠤᠭᠠᠨ ᠪᠥᠲᠥᠭᠡᠯ ︽ᠡᠮ ᠵᠠᠰᠠᠯ ᠤᠨ ᠰᠠᠷᠠᠨ ᠬᠠᠭᠠᠨ︾ ᠪᠤᠢ ᠪᠤᠯᠪᠠ᠃ ︽ᠡᠮ ᠵᠠᠰᠠᠯ ᠤᠨ ᠰᠠᠷᠠᠨ ᠬᠠᠭᠠᠨ︾ ᠨᠢ | ᠮᠤᠩᠭᠤᠯ ᠠᠨᠠᠭᠠᠬᠤ ᠤᠬᠠᠭᠠᠨ ᠥᠨᠳᠥᠰᠥᠨ ᠳᠡᠭᠡᠨ ᠪᠥᠷᠢᠯᠳᠥᠭᠰᠡᠨ ᠢ ᠲᠤᠰᠬᠠᠵᠡᠢ᠃ ᠲᠤᠰ ᠪᠥᠲᠥᠭᠡᠯ ᠨᠢ ᠡᠷᠲᠡᠨ | ᠤ ᠠᠷᠭ᠎ᠠ ᠪᠢᠯᠢᠭ ᠤᠨᠰᠤᠷᠭᠠᠯ ᠤᠨ ᠰᠠᠭᠤᠷᠢᠨ ᠳᠡᠭᠡᠷ᠎ᠡ ᠡᠷᠲᠡᠨ ᠤ ᠭᠷᠧᠭ ᠪᠤᠯᠤᠨ ᠡᠨᠡᠳᠭᠡᠭ ᠤᠨ ᠰᠢᠷᠥᠢ᠂ ᠤᠰᠤ᠂ | ᠭᠠᠯ᠂ ᠬᠡᠢ ᠵᠡᠷᠭᠡ ᠪᠠᠷ ᠭᠤᠤᠯ ᠰᠡᠳᠥᠪ ᠢᠶᠠᠨ ᠪᠤᠯᠭᠠᠵᠤ᠂ ᠬᠡᠢ᠂ ᠰᠢᠷ᠎ᠠ᠂ ᠪᠠᠳᠭᠠᠨ ᠤ ᠭᠤᠷᠪᠠᠨ ᠮᠠᠬᠠᠪᠤᠳ ᠤᠨ | ᠰᠤᠷᠭᠠᠯ᠂ ᠬᠥᠪᠥᠷᠡᠯ ᠤᠨᠰᠤᠷᠭᠠᠯ᠂ ᠡᠮᠲᠤ ᠪᠤᠳᠠᠰ᠂ ᠠᠨᠲ᠋ᠤᠮᠤᠨᠢ ᠵᠢᠨᠰᠤᠷᠭᠠᠯ᠂ ᠤᠨᠤᠰᠢᠯᠠᠬᠤ ᠤᠬᠠᠭᠠᠨ᠂ ᠡᠮ | ᠨᠠᠶᠢᠷᠠᠯᠭ᠎ᠠ ᠵᠡᠷᠭᠡ ᠤᠨᠤᠯ ᠤᠨ ᠰᠢᠰᠲ᠋ᠧᠮ ᠪᠤᠯᠤᠨ ᠵᠡᠭᠦᠥ ᠲᠥᠭᠡᠨᠡᠯᠭᠡ᠂ ᠬᠠᠨᠠᠬᠤ᠂ ᠶᠠᠰᠤ ᠪᠠᠷᠢᠬᠤ᠂ ᠪᠡᠷᠳᠡᠩᠬᠢ᠂ | ᠡᠮᠢᠶ᠋ᠠᠷ ᠡᠮᠴᠢᠯᠡᠬᠦ ᠵᠡᠷᠭᠡ ᠡᠯ᠎ᠡ ᠡᠮᠴᠢᠯᠡᠭᠡᠨ ᠤ ᠰᠠᠯᠠᠭ᠎ᠠ ᠥᠨᠳᠥᠰᠥᠨ ᠳᠡᠭᠡᠨ ᠪᠥᠷᠢᠯᠳᠥᠵᠡᠢ᠃ ᠲᠤᠰ ᠪᠥᠲᠥᠭᠡᠯ ᠨᠢ | ᠡᠷᠲᠡᠨ ᠤ ᠮᠤᠩᠭᠤᠯ ᠠᠨᠠᠭᠠᠬᠤ ᠤᠬᠠᠭᠠᠨ ᠨᠢᠭᠡᠨᠲᠡ ᠪᠥᠷᠢᠯᠳᠥᠭᠰᠡᠨ ᠢ ᠬᠠᠷᠠᠭᠤᠯᠵᠡᠢ᠃ ᠡᠭᠦᠨ ᠤ ᠳᠠᠷᠠᠭ᠎ᠠ ᠤᠨ | ᠲᠤᠭᠠᠯᠠᠯ ᠤᠨ 6 — 8 ᠳ᠋ᠤᠭᠠᠷ ᠵᠠᠭᠤᠨ ᠳᠤ ᠪᠠᠶᠠᠬᠠᠢ᠂ ᠵᠢᠯᠢᠨᠥᠶ᠋ᠢ᠂ ᠨᠠᠯᠢᠱᠠᠨᠲᠠᠢ ᠵᠡᠷᠭᠡ ᠡᠷᠳᠡᠮᠲᠡᠨᠴᠤᠯᠭᠠᠷᠠᠨ | ᠭᠠᠷᠴᠤ ︽ᠮᠤᠩᠭᠤᠯ ᠠᠨᠠᠭᠠᠬᠤ ᠤᠬᠠᠭᠠᠨ ᠤ ᠨᠤᠮ︾᠂ ︽ᠦᠳᠡᠯᠤᠭ᠍ᠰᠡᠳ ᠢ ᠳᠠᠮᠢᠷᠵᠢᠭᠤᠯᠬᠤ︾ ︽ᠮᠤᠩᠭᠤᠯ | ᠳᠦᠭᠡᠨᠡᠯᠭᠡ︾ ᠵᠡᠷᠭᠡ ᠪᠥᠳᠥᠭᠡᠯ ᠨᠦᠭᠦᠳ ᠢ ᠲᠤᠭᠤᠷᠪᠢᠨ ᠪᠢᠴᠢᠵᠡᠢ᠃ ᠤᠨ ᠲᠤᠭᠠᠯᠠᠯ ᠤᠨ 7 ᠳ᠋ᠤᠭᠠᠷ ᠵᠠᠭᠤᠨ ᠳᠤ | ᠲᠥᠪᠡᠳ ᠤᠨ ᠠᠨᠠᠭᠠᠬᠤ ᠤᠬᠠᠭᠠᠨᠳᠠᠨ ᠶᠤᠳᠤᠭ ᠶᠤᠨᠳᠤᠨ ᠭᠤᠮᠪᠤ ᠮᠤᠩᠭᠤᠯ ᠠᠨᠠᠭᠠᠬᠤ ᠤᠬᠠᠭᠠᠨ ᠤ ︽ᠡᠮ ᠵᠠᠰᠠᠯ | ᠤᠨ ᠰᠠᠷᠠᠨ ᠬᠠᠭᠠᠨ︾ ᠪᠤᠯᠤᠨ ᠡᠨᠡᠳᠭᠡᠭ ᠤᠨ ︽ᠨᠠᠢᠮᠠᠨ ᠭᠢᠰᠢᠭᠦᠨᠳᠤ︾ ᠶᠢᠨ ᠰᠠᠭᠤᠷᠢᠨᠲ᠋ᠡᠭᠡᠷ᠎ᠡ ᠮᠤᠩᠭᠤᠯ | ᠲᠥᠪᠡᠳ ᠠᠨᠠᠭᠠᠬᠤ ᠤᠬᠠᠭᠠᠨ ᠤ ᠠᠯᠳᠠᠷᠳᠤ ᠪᠥᠳᠥᠭᠡᠯ ︽ᠳᠥᠷᠪᠡᠨᠥᠨᠳᠥᠰᠤ︾ ᠶᠢ ᠨᠠᠶᠢᠷᠠᠭᠤᠯᠤᠨ ᠵᠤᠬᠢᠶᠠᠵᠡᠢ᠃ | ᠲᠤᠰ ᠪᠥᠲᠥᠭᠡᠯ ᠨᠢ ᠬᠤᠶᠢᠰᠢᠳᠡ ᠶᠢᠨ ᠮᠤᠩᠭᠤᠯ ᠠᠨᠠᠭᠠᠬᠤ ᠤᠬᠠᠭᠠᠨ ᠤ ᠬᠥᠭᠵᠢᠯᠲᠡ ᠳᠤ ᠮᠠᠰᠢ ᠴᠢᠬᠤᠯᠠ | ᠨᠥᠯᠥᠭᠡ ᠥᠵᠡᠭᠦᠯᠵᠡᠢ᠃ | 13 ᠳ᠋ᠤᠭᠠᠷ ᠵᠠᠭᠤᠨ ᠤ ᠡᠬᠢ ᠪᠠᠷ ᠴᠢᠩᠭᠢᠰ ᠬᠠᠭᠠᠨ ᠮᠤᠩᠭᠤᠯ ᠤᠨ ᠥᠨᠳᠦᠷᠯᠢᠭ ᠢ ᠨᠢᠬᠡᠳᠬᠡᠵᠤ᠂ ᠮᠤᠩᠭᠤᠯ | ᠤᠨ ᠨᠡᠶᠢᠬᠡᠮ᠂ ᠠᠵᠤ ᠠᠬᠤᠢ᠂ ᠰᠤᠶᠤᠯ᠂ ᠡᠮᠨᠡᠯᠭᠡ ᠮᠠᠰᠢ ᠥᠳᠲᠥᠷ ᠲᠥᠷᠭᠡᠨ ᠢᠶᠠᠷ ᠬᠥᠭᠵᠢᠵᠤ᠂ ᠶᠤᠸᠠᠨ ᠤᠯᠤᠰ | ᠤᠨ ᠥᠶ᠎ᠡ ᠳᠤ ᠤᠯᠤᠰ ᠤᠨ ᠡᠮᠨᠡᠯᠡᠭᠡ ᠶᠢᠨ ᠬᠤᠷᠢᠶ᠎ᠠ᠂ ᠬᠤᠢ ᠬᠤᠢ ᠶᠢᠨ ᠡᠮᠨᠡᠯᠬᠡ ᠶᠢᠨ ᠬᠤᠷᠢᠶ᠎ᠠ᠂ ᠴᠡᠷᠢᠭ ᠤᠨ | ᠡᠮᠴᠢ ᠶᠢᠨ ᠬᠤᠷᠢᠶ᠎ᠠ ᠬᠢᠬᠡᠳ ᠡᠯ᠎ᠡ ᠭᠠᠵᠠᠷ ᠤᠳ ᠲᠤ ᠶᠡᠭᠡ ᠪᠠᠭ᠎ᠠ ᠡᠮᠨᠡᠯᠭᠡ ᠶᠢᠨ ᠪᠠᠶᠢᠭᠤᠯᠤᠮᠵᠢ ᠶᠢ ᠶᠡᠭᠡ ᠪᠠᠷ | ᠪᠠᠶᠢᠭᠤᠯᠤᠨ ᠬᠥᠭᠵᠢᠭᠡᠪᠡ᠃ ᠡᠨᠡ ᠥᠶ᠎ᠡ ᠳᠤ ᠶᠤᠸᠠᠨ ᠤᠯᠤᠰ ᠤᠨ ᠬᠠᠭᠠᠨ ᠤ ᠡᠮᠴᠢ ᠬᠥᠰᠡᠬᠦᠢ ︽ᠢᠳᠡᠭᠡᠨ | ᠤᠮᠳᠠᠭᠠᠨ ᠤ ᠵᠢᠩᠬᠢᠨᠢ ᠲᠤᠪᠴᠢ︾ ᠶᠢ ᠵᠤᠬᠢᠶᠠᠵᠤ᠂ ᠳᠡᠯᠡᠭᠡᠢ ᠶᠢᠨ ᠬᠠᠮᠤᠭ ᠠᠩᠬᠠᠨ ᠤ᠂ᠬᠠᠮᠤᠭ ᠶᠡᠭᠡ ᠢᠳᠡᠭᠡᠨ | ᠤᠮᠳᠠᠭᠠᠨ ᠰᠢᠮ᠎ᠡ ᠲᠡᠵᠢᠭᠡᠯ ᠤᠨ ᠤᠬᠠᠭᠠᠨ ᠤ ᠠᠯᠳᠠᠷᠳᠤ ᠪᠥᠲᠥᠭᠡᠯ ᠪᠤᠯᠵᠡᠢ᠃ ᠲᠡᠭᠦᠨᠴᠢᠯᠡᠨ ︽ᠲᠠᠷᠳᠠᠭᠤᠯ ᠤᠨ | ᠡᠮ ᠨᠠᠶᠢᠷᠯᠠᠭᠠ︾᠂ ︽ᠿᠦᠢ ᠵᠤ᠋ ᠲᠠᠩ ᠳᠤᠷᠰᠢᠯᠭᠠᠳᠤ ᠵᠤᠷ ᠨᠠᠶᠢᠷᠯᠠᠭᠠ︾ ᠵᠡᠷᠭᠡ ᠪᠥᠲᠥᠭᠡᠯ ᠳᠠᠷᠠᠭᠠᠯᠠᠨ | ᠪᠢᠴᠢᠭᠳᠡᠨ᠂ ᠶᠠᠰᠤ ᠪᠡᠷᠳᠡᠩᠬᠢ ᠶᠢᠨ ᠭᠠᠳᠠᠷ ᠰᠠᠯᠠᠭ᠎ᠠ ᠪᠥᠷᠢᠯᠳᠤᠵᠤ᠂ ᠬᠥᠮᠥᠨ ᠤ ᠪᠡᠶ᠎ᠡ ᠶᠢᠨ ᠠᠨᠠᠲ᠋ᠤᠮᠢ ᠶᠢᠨ | ᠰᠤᠳᠤᠯᠠᠯ ᠤᠯᠠᠮ ᠨᠢᠭᠡ ᠠᠯᠬᠤᠮ ᠬᠥᠭᠵᠢᠵᠤ᠂ ᠮᠤᠩᠭᠤᠯ ᠠᠨᠠᠭᠠᠬᠤ ᠤᠬᠠᠭᠠᠨ ᠤ ᠥᠨᠳᠥᠰᠥᠨ ᠤᠨᠤᠯ᠂ ᠡᠮᠴᠢᠯᠡᠭᠡ | ᠶᠢ ᠤᠯᠠᠮ ᠨᠢᠭᠡ ᠠᠯᠬᠤᠮ ᠠᠬᠢᠭᠤᠯᠵᠡᠢ᠃ | 3.ᠤᠷᠴᠢᠨ ᠥᠶ᠎ᠡ ᠶᠢᠨ ᠮᠤᠩᠭᠤᠯ ᠠᠨᠠᠭᠠᠬᠤ ᠤᠬᠠᠭᠠᠨ | ︵16 ᠳ᠋ᠤᠭᠠᠷ ᠵᠠᠭᠤᠨ — 20ᠳ᠋ᠤᠭᠠᠷ ᠵᠠᠭᠤᠨ ᠤ ᠳᠤᠮᠳᠠᠴᠢ︶ | 16 ᠳ᠋ᠤᠭᠠᠷ ᠵᠠᠭᠤᠨ ᠤ ᠰᠡᠭᠦᠯᠴᠢ ᠪᠠᠷ ᠡᠨᠡᠳᠭᠡᠭ ᠪᠤᠯᠤᠨ ᠲᠥᠪᠡᠳ ᠡᠮᠨᠡᠯᠭᠡ ᠶᠢᠨ ᠲᠤᠷᠰᠢᠯᠭ᠎ᠠ ᠶᠢ | ᠰᠢᠩᠭᠡᠭᠡᠨ ᠠᠪᠴᠤ᠂ ᠤᠤᠯ ᠤᠨ ᠤᠯᠠᠮᠵᠢᠯᠠᠯᠲᠤ ᠮᠤᠩᠭᠤᠯ ᠠᠨᠠᠭᠠᠬᠤ ᠤᠬᠠᠭᠠᠨ ᠲᠠᠢ ᠪᠠᠨ ᠤᠶᠠᠯᠳᠤᠭᠤᠯᠤᠨ᠂ | ᠤᠯᠠᠮ ᠨᠢᠭᠡ ᠠᠯᠬᠤᠮ ᠮᠤᠩᠭᠤᠯ ᠠᠨᠠᠭᠠᠬᠤ ᠤᠬᠠᠭᠠᠨ ᠢᠶᠠᠨ ᠪᠠᠶᠠᠯᠢᠭᠵᠢᠭᠤᠯᠪᠠ᠂ ᠡᠨᠡ ᠴᠠᠭ ᠥᠶ᠎ᠡ ᠳᠤ | ᠢᠰᠢᠪᠠᠯᠵᠤᠤᠷ ᠮᠡᠳᠤ ᠶᠢᠨ ᠭᠡᠳᠥᠨ ᠠᠷᠪᠠᠨ ᠨᠡᠷᠡᠳᠤ ᠮᠤᠩᠭᠤᠯ ᠡᠮᠴᠢ ᠴᠤᠯᠭᠤᠷᠠᠨ ᠭᠠᠷᠴᠤ᠂ ᠮᠠᠰᠢ ᠤᠯᠠᠨ | ᠮᠤᠩᠭᠤᠯᠠᠨᠠᠭᠠᠬᠤ ᠤᠬᠠᠭᠠᠨ ᠤ ᠲᠥᠯᠥᠭᠡᠯᠡᠭᠴᠢ ᠪᠥᠲᠥᠭᠡᠯ ᠨᠦᠭᠦᠳ ᠢ ᠲᠤᠭᠤᠷᠪᠢᠨ ᠪᠢᠴᠢᠵᠤ᠂ ᠮᠤᠩᠭᠤᠯ | ᠠᠨᠠᠭᠠᠬᠤ ᠤᠬᠠᠭᠠᠨ ᠢᠶᠠᠨ ᠶᠡᠭᠡ ᠬᠡᠮᠵᠢᠶ᠎ᠡ ᠪᠠᠷ ᠪᠠᠶᠠᠯᠢᠭᠵᠢᠭᠤᠯᠤᠭᠰᠠᠨ ᠶᠤᠮ᠃ | 4. ᠤᠳᠤ ᠥᠶ᠎ᠡ ᠶᠢᠨ ᠮᠤᠩᠭᠤᠯ ᠠᠨᠠᠭᠠᠬᠤ ᠤᠬᠠᠭᠠᠨ | ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠬᠤᠶᠢᠨ᠎ᠠ᠂ ᠨᠠᠮ ᠤᠯᠤᠰ ᠤᠨ ᠤᠳᠤᠷᠢᠳᠤᠯᠭ᠎ᠠ ᠳᠤᠤᠷ᠎ᠠ | ᠮᠤᠩᠭᠤᠯ ᠠᠨᠠᠭᠠᠬᠤ ᠤᠬᠠᠭᠠᠨ ᠤ ᠡᠮᠴᠢᠯᠡᠭᠡᠨ ᠤ ᠪᠠᠶᠢᠭᠤᠯᠤᠮᠵᠢ᠂ ᠶᠡᠭᠡ ᠰᠤᠷᠭᠠᠭᠤᠯᠢ ᠵᠡᠷᠭᠡ ᠶᠢ ᠶᠡᠭᠡ ᠪᠠᠷ | ᠲᠡᠳᠭᠦᠨ ᠵᠢᠯᠤᠭᠤᠳᠴᠤ ᠪᠠᠶᠢᠭᠤᠯᠤᠭᠰᠠᠨ ᠪᠠ ᠮᠠᠰᠢ ᠤᠯᠠᠨ ᠮᠤᠩᠭᠤᠯ ᠠᠨᠠᠭᠠᠬᠠᠤ ᠤᠬᠠᠭᠠᠨ ᠤ ᠡᠷᠳᠡᠮᠳᠡᠳ ᠢ | ᠬᠥᠮᠥᠵᠢᠬᠦᠯᠥᠨ ᠭᠠᠷᠭᠠᠵᠡᠢ᠃ ᠪᠠᠰᠠ ᠶᠡᠭᠡ ᠰᠤᠷᠭᠠᠭᠤᠯᠢ ᠶᠢᠨ ᠮᠤᠩᠭᠤᠯ ᠠᠨᠠᠭᠠᠬᠠᠤ ᠤᠬᠠᠭᠠᠨ ᠤ ᠵᠢᠭᠠᠬᠤ | ᠮᠠᠲ᠋ᠧᠷᠢᠶᠠᠯ ᠢ ᠬᠡᠪᠯᠡᠨ ᠭᠠᠷᠭᠠᠵᠤ᠂ ᠮᠤᠩᠭᠤᠯ ᠠᠨᠠᠭᠠᠬᠤ ᠤᠬᠭᠠᠨ ᠢ ᠰᠢᠨᠵᠢᠯᠡᠭᠦ ᠤᠬᠠᠭᠠᠨᠴᠢ ᠪᠠᠷ ᠰᠤᠳᠤᠯᠵᠤ᠂ | ᠡᠷᠲᠡᠨ ᠤ ᠵᠤᠬᠢᠶᠠᠯ ᠪᠥᠲᠥᠭᠡᠯ ᠨᠦᠭᠦᠳ ᠢ ᠡᠮᠬᠢᠳᠭᠡᠨ ᠬᠡᠪᠯᠡᠵᠤ᠂ ᠠᠨᠠᠭᠠᠬᠤ ᠤᠬᠠᠭᠠᠨ ᠤ ᠲᠡᠥᠬᠡ᠂ ᠡᠮᠴᠢᠯᠡᠭᠡᠨ ᠤ | ᠲᠡᠥᠬᠡ᠂ ᠡᠮ ᠨᠠᠶᠢᠷᠠᠯᠭ᠎ᠠ ᠶᠢᠨ ᠲᠤᠬᠠᠢ ᠪᠥᠷ ᠰᠤᠳᠤᠯᠭᠠᠨ ᠬᠢᠵᠤ᠂ ᠮᠠᠰᠢ ᠶᠡᠭᠡ ᠠᠮᠵᠢᠯᠲᠠ ᠤᠯᠵᠤ᠂ ᠡᠯ᠎ᠡ ᠲᠠᠯ᠎ᠠ | ᠪᠠᠷ ᠪᠥᠷ ᠴᠤᠯᠤ ᠰᠢᠨ᠎ᠡ ᠬᠥᠭᠵᠢᠯᠲᠡ ᠶᠢᠨ ᠱᠠᠳᠤ ᠥᠶ᠎ᠡ ᠳᠤ ᠤᠷᠤᠵᠠᠢ᠂ ᠮᠤᠩᠭᠤᠯ ᠡᠮᠨᠡᠯᠭᠡ ᠨᠢ ᠳᠡᠯᠡᠬᠡᠢ ᠳ᠋ᠠᠬᠢᠨ | ᠳᠤ ᠴᠦ ᠨᠡᠯᠢᠶᠡᠳ ᠰᠠᠶᠢᠨ ᠨᠥᠯᠥᠭᠡ ᠲᠤᠰᠬᠠᠯ ᠲᠠᠢ ᠪᠠᠶᠢᠵᠤ᠂ ᠮᠤᠩᠭᠤᠯ ᠤᠯᠥᠰ᠂ ᠤᠷᠤᠰ᠂ ᠫᠤᠯᠱᠠ᠂ ᠬᠠᠨᠭ᠍ᠭᠠᠷᠡᠢ | ᠤᠯᠤᠰ ᠲᠤ ᠮᠤᠩᠭᠤᠯ ᠡᠮᠨᠡᠯᠭᠡ ᠶᠢᠨ ᠰᠤᠳᠤᠯᠤᠯ᠂ ᠡᠮᠨᠡᠯᠭᠡ᠂ ᠰᠤᠷᠭᠠᠨ ᠬᠥᠮᠥᠵᠢᠯ ᠤᠨ ᠪᠠᠶᠢᠭᠤᠯᠤᠮᠵᠢ ᠵᠡᠷᠭᠡ ᠶᠢ | ᠪᠠᠶᠢᠭᠤᠯᠵᠡᠢ᠂ ᠡᠭᠦᠨ ᠤ ᠤᠯᠠᠮ ᠠᠴᠠ ᠮᠤᠩᠭᠤᠯ ᠠᠨᠠᠭᠠᠬᠠᠤ ᠤᠬᠠᠭᠠᠨ ᠨᠢ ᠬᠥᠭᠵᠢᠭᠰᠡᠨ ᠤᠯᠥᠰ ᠤᠨ ᠡᠷᠳᠡᠮᠲᠡᠨ | ᠮᠡᠷᠭᠡᠵᠢᠯᠳᠡᠳ ᠤᠨ ᠠᠩᠬᠠᠷᠤᠯ ᠢ ᠲᠠᠳᠠᠭᠰᠠᠨ ᠪᠠᠶᠢᠨ᠎ᠠ᠃ | ᠶᠠᠫᠤᠨ᠂ ᠡᠮᠥᠨᠡᠲᠤ ᠰᠤᠯᠤᠩᠭᠤᠰ᠂ ᠠᠮᠧᠷᠢᠺᠡ᠂ ᠠᠥ᠋ᠰᠲᠷᠠᠯᠢᠶᠠ᠂ ᠰᠢᠶᠠᠩᠭᠠᠡᠭ᠂ ᠲᠠᠶᠢᠸᠠᠨ ᠵᠡᠷᠭᠡ ᠤᠯᠤᠰ | ᠤᠷᠤᠨ᠂ ᠤᠯᠠᠨ ᠤᠳᠠᠭ᠎ᠠ ᠮᠡᠷᠭᠡᠵᠢᠯᠲᠡᠳ ᠢᠶᠠᠨ ᠥᠪᠥᠷ ᠮᠤᠩᠭᠤᠯ ᠳᠤ ᠢᠷᠡᠭᠦᠯᠵᠤ᠂ ᠮᠤᠩᠭᠤᠯ ᠠᠨᠠᠭᠠᠬᠠᠤ | ᠤᠬᠠᠭᠠᠨ ᠤ ᠲᠤᠬᠠᠢ ᠰᠤᠳᠤᠯᠭᠠᠨ ᠪᠠ ᠰᠤᠷᠪᠤᠯᠵᠢᠯᠭ᠎ᠠ ᠬᠢᠭᠰᠡᠨ ᠪᠠᠶᠢᠨ᠎ᠠ᠃ 2001 ᠤᠨ ᠪᠤᠯᠤᠨ 2007 ᠤᠨ | ᠳᠤ ᠬᠤᠶᠠᠷ ᠤᠳᠠᠭ᠎ᠠ ᠳᠡᠯᠡᠬᠡᠢ ᠶᠢᠨ ᠮᠤᠩᠭᠤᠯ ᠠᠨᠠᠭᠠᠬᠠᠤ ᠤᠬᠠᠭᠠᠨ ᠤ ᠰᠤᠳᠤᠯᠭᠠᠨ ᠤ ᠬᠤᠷᠠᠯ ᠢ ᠶᠠᠪᠤᠭᠳᠠᠭᠤᠯᠵᠡᠢ᠃ | ᠡᠨᠡ ᠡᠳᠥᠷ ᠤᠨ ᠮᠤᠩᠭᠤᠯ ᠠᠨᠠᠭᠠᠬᠠᠤ ᠤᠬᠠᠭᠠᠨ ᠨᠢ ᠨᠢᠭᠡᠨᠲᠡ ᠳᠤᠮᠳᠠᠳᠤ ᠤᠯᠥᠰ ᠠᠴᠠ ᠭᠠᠷᠴᠤ᠂ ᠳᠡᠯᠡᠬᠡᠢ | ᠳ᠋ᠠᠬᠢᠨ ᠳᠤ ᠲᠥᠭᠡᠭᠡᠬᠦ ᠪᠤᠯᠤᠭᠰᠠᠨ ᠪᠠᠶᠢᠨ᠎ᠠ ᠃ | | ᠬᠤᠸᠠᠩ ᠨᠤᠷᠪᠤ ᠦᠬᠠᠢ ᠬᠤᠲᠠ ᠶᠢᠨ ᠮᠤᠩᠭᠤᠯ ᠬᠢᠳᠠᠳ ᠡᠮᠨᠡᠯᠭᠡ ᠶᠢᠨ ᠬᠤᠷᠢᠶ᠎ᠠ | | |