ᠮᠤᠩᠭᠤᠯ ᠠᠨᠠᠭᠠᠬᠤ ᠤᠬᠠᠭᠠᠨ ᠤ ᠦᠷᠬᠦᠯᠵᠢ ᠬᠡᠷᠡᠭᠯᠡᠭᠲᠡᠲᠡᠭ ᠲᠤᠰᠬᠠᠢ ᠨᠠᠷ᠎ᠠ ᠦᠭᠡ ᠶᠢᠨ ᠲᠠᠶᠢᠯᠪᠤᠷᠢ ︵ᠲᠤᠤᠷᠠᠲᠦ︶
ᠨᠡᠶᠢᠲᠡᠯᠡᠭᠰᠡᠨ ᠴᠠᠭ᠄
2018-12-10
         ᠮᠤᠩᠭᠤᠯ ᠠᠨᠠᠭᠠᠬᠤ ᠤᠬᠠᠭᠠᠨ ᠤ ᠦᠷᠬᠦᠯᠵᠢ ᠬᠡᠷᠡᠭᠯᠡᠭᠲᠡᠲᠡᠭ ᠲᠤᠰᠬᠠᠢ ᠨᠠᠷ᠎ᠠ ᠦᠭᠡ ᠶᠢᠨ ᠲᠠᠶᠢᠯᠪᠤᠷᠢ ︵ᠲᠤᠤᠷᠠᠲᠦ︶        18. ᠬᠠᠶᠢᠯᠵᠤ ᠴᠠᠷᠴᠠᠬᠤ        ᠬᠠᠶᠢᠯᠵᠤ ᠴᠠᠷᠴᠠᠬᠤ ᠭᠡᠲᠡᠭ ᠪᠣᠯ ᠬᠠᠯᠠᠭᠤᠨ ᠠᠴᠠ ᠬᠦᠢᠲᠡᠨ ᠳᠤ ᠤᠨᠠᠬᠤ ᠶᠢ ᠬᠡᠯᠡᠵᠦ ᠪᠠᠶᠢᠨ᠎ᠠ᠃ ︽ᠠᠷᠤᠷ᠎ᠠ ᠶᠢᠨ ᠡᠷᠢᠭᠡᠰ︾ ᠲᠤ ︽ᠬᠠᠶᠢᠯᠵᠤ ᠴᠠᠷᠴᠠᠬᠤ ᠪᠣᠯ ᠡᠪᠦᠯ ᠬᠦᠯᠲᠡᠭᠰᠡᠨ ᠤᠰᠤ ᠨᠠᠷᠠᠨ ᠤ ᠬᠠᠯᠠᠭᠤᠨ ᠢᠶᠠᠷ ᠬᠠᠶᠢᠯᠠᠬᠤ ᠪᠤᠯᠪᠠᠴᠦ ᠵᠢᠴᠢ ᠲᠡᠷᠡ ᠢ ᠬᠦᠢᠲᠡᠨ ᠳᠤ ᠴᠠᠷᠴᠠᠭᠰᠡᠨ ᠮᠡᠲᠦ ᠪᠠᠷ ᠬᠠᠯᠠᠭᠤᠨ ᠲᠠᠷᠤᠭᠲᠠᠬᠤ ᠴᠠᠭ ᠬᠡᠢ ᠲᠦᠷᠦᠭᠰᠡᠨ ᠳᠤ ᠰᠡᠷᠢᠭᠦᠨ ᠨᠠᠶᠢᠷᠠᠭᠤᠯᠭ᠎ᠠ ᠶᠢ ᠬᠡᠲᠦᠷᠡᠭᠦᠯᠪᠡᠯ ᠬᠠᠯᠠᠭᠤᠨ ᠢ ᠪᠤᠴᠠᠭᠠᠲᠠᠭ ᠲᠤᠯᠠ ᠲᠡᠭᠦᠨ ᠢ ᠬᠠᠯᠠᠭᠤᠨ ᠬᠦᠢᠲᠡᠨ ᠤ ᠵᠠᠪᠰᠠᠷ ᠭᠡᠲᠡᠭ︾ ᠭᠡᠵᠦ ᠲᠡᠮᠲᠡᠭᠯᠡᠵᠡᠢ᠃ ᠬᠠᠶᠢᠯᠵᠤ ᠴᠠᠷᠴᠠᠬᠤ ᠭᠡᠲᠡᠭ ᠢ ᠶᠡᠷᠤ ᠨᠢ ᠬᠡᠢ᠂ ᠰᠢᠷ᠎ᠠ᠂ ᠪᠠᠳᠭᠠᠨ ᠤ ᠴᠤᠬᠤᠮ ᠠᠯᠢ ᠨᠢᠭᠡᠨ ᠤ ᠬᠤᠪᠢ ᠨᠢ ᠭᠤᠤᠯᠲᠠᠭᠤ ᠪᠠᠶᠢᠬᠤ ᠶᠢ ᠦᠨᠲᠦᠰᠦᠯᠡᠵᠦ ᠬᠡᠢ ᠶᠢᠨ ᠬᠠᠶᠢᠯᠵᠤ ᠴᠠᠷᠴᠠᠬᠤ᠂ ᠰᠢᠷ᠎ᠠ ᠶᠢᠨ ᠬᠠᠶᠢᠯᠵᠤ ᠴᠠᠷᠴᠠᠬᠤ᠂ ᠪᠠᠳᠭᠠᠨ ᠤ ᠬᠠᠶᠢᠯᠵᠤ ᠴᠠᠷᠴᠠᠬᠤ ᠭᠡᠵᠦ ᠭᠤᠷᠪᠠᠨ ᠵᠤᠶᠢᠯ ᠢᠯᠭᠠᠲᠠᠭ ᠪᠠᠶᠢᠨ᠎ᠠ᠃ ᠡᠨᠡ ᠭᠤᠷᠪᠠᠨ ᠬᠡᠮ ᠤᠨ ᠠᠯᠢ ᠨᠢᠭᠡᠨ ᠤ ᠠᠷᠪᠢᠵᠢᠬᠤ ᠪᠠᠷᠠᠭᠲᠠᠬᠤ ᠶᠢᠨ ᠤᠲᠠᠭᠠᠨ ᠲᠦᠷᠭᠡᠨ ᠠᠴᠠ ᠪᠤᠯᠵᠤ ᠡᠶᠢᠮᠤ ᠭᠤᠷᠪᠠᠨ ᠵᠤᠶᠢᠯ ᠤᠨ ᠠᠲᠡᠭᠦᠷᠡᠯ ᠲᠠᠢ ᠬᠤᠪᠢᠷᠠᠯᠲᠠ ᠭᠠᠷᠲᠠᠭ ᠪᠢᠯᠡ᠃        19. ᠬᠠᠪᠤᠩ         ᠪᠡᠶ᠎ᠡ ᠳᠤ ᠤᠰᠤᠯᠢᠭ ᠴᠤᠭᠴᠠ ᠠᠷᠪᠢᠲᠤᠨ ᠰᠡᠯᠬᠦᠷᠡᠵᠦ ᠬᠠᠪᠤᠩᠨᠠᠬᠤ ᠰᠢᠨᠵᠢ ᠲᠡᠮᠲᠡᠭ ᠢᠯᠡᠷᠡᠬᠦ ᠶᠢ ᠵᠢᠭᠠᠭᠰᠠᠨ ᠶᠡᠷᠦᠩᠬᠡᠢ ᠨᠡᠷᠡᠶᠢᠲᠦᠯ᠃ ᠲᠤᠩᠭᠠᠯᠠᠭ ᠡᠰᠡ ᠪᠤᠯᠪᠠᠰᠤᠷᠠᠭᠰᠠᠨ ᠠᠴᠠ ᠪᠤᠯᠵᠤ ᠠᠷᠪᠢᠲᠤᠭᠰᠠᠨ ᠮᠠᠭᠤ ᠴᠢᠰᠤ᠂ ᠰᠢᠷ᠎ᠠ ᠤᠰᠤ ᠨᠢ ᠬᠡᠢ ᠪᠠᠷ ᠲᠠᠷᠬᠠᠭᠠᠳ ᠪᠡᠶ᠎ᠡ ᠳᠤ ᠠᠲᠠᠯᠢ ᠪᠤᠰᠤ ᠬᠡᠮᠵᠢᠶᠡᠨ ᠤ ᠤᠰᠤᠯᠢᠭ ᠴᠤᠭᠴᠠ ᠲᠤᠭᠲᠠᠵᠤ ᠰᠡᠯᠬᠦᠷᠡᠭᠰᠡᠨ ᠢ ᠬᠠᠪᠤᠩ ᠡᠪᠡᠳᠴᠢᠨ ᠭᠡᠨ᠎ᠡ᠃ ᠬᠠᠪᠤᠩ ᠪᠣᠯ ᠲᠤᠩᠭᠠᠯᠠᠭ ᠡᠰᠡ ᠰᠢᠩᠭᠡᠭᠰᠡᠨ ᠪᠠ ᠬᠡᠢ᠂ ᠰᠢᠷ᠎ᠠ᠂ ᠪᠠᠳᠭᠠᠨ᠂ ᠰᠢᠷ᠎ᠠ ᠤᠰᠤ ᠪᠤᠯᠤᠨ ᠴᠢᠰᠤᠨ ᠤ ᠤᠷᠪᠠᠯᠲᠠ ᠠᠴᠠ ᠰᠢᠯᠲᠠᠭᠠᠯᠠᠨ ᠲᠠᠪᠤᠨ ᠴᠤᠯᠤ ᠵᠢᠷᠭᠤᠭᠠᠨ ᠰᠠᠪᠠ ᠶᠢᠨ ᠠᠯᠢ ᠨᠢᠭᠡ ᠪᠤᠶᠤ ᠨᠢᠭᠡ ᠠᠴᠠ ᠲᠡᠭᠡᠭᠰᠢ ᠶᠢᠨ ᠠᠷᠬᠠᠭ ᠡᠪᠡᠳᠴᠢᠨ ᠤ ᠬᠦᠨᠲᠦᠷᠡᠯᠲᠡ ᠶᠢᠨ ᠠᠲᠠᠯᠢ ᠪᠤᠰᠤ ᠱᠠᠲᠦ ᠦᠶ᠎ᠡ ᠳᠠᠬᠢ ᠡᠪᠡᠳᠴᠢᠨ ᠤ ᠮᠠᠬᠠᠪᠤᠳ ᠪᠤᠯᠤᠨ ᠡᠪᠡᠳᠴᠢᠨ ᠤ ᠬᠦᠴᠦ  ᠶᠢᠨ ᠤᠨᠴᠠᠯᠢᠭ ᠢ ᠬᠠᠷᠠᠭᠤᠯᠤᠭᠰᠠᠨ ᠭᠠᠲᠠᠷ ᠰᠢᠨᠵᠢ ᠲᠡᠮᠲᠡᠭ ᠪᠤᠯᠬᠤ ᠶᠤᠮ᠃ ᠦᠷ᠎ᠡ ᠠᠷᠬᠠᠭ ᠡᠪᠡᠳᠴᠢᠨ ᠤ ᠬᠡᠪᠴᠢᠶᠡᠨ ᠳᠤ ᠬᠢ ᠴᠤᠪᠤᠷᠢᠭᠰᠠᠨ ᠠᠷᠬᠠᠭ ᠠᠴᠠ ᠰᠢᠭᠤᠳ ᠡᠭᠦᠰᠬᠦ ᠤᠲᠠᠭᠠᠨ ᠴᠢᠨᠠᠷ ᠲᠠᠢ ᠡᠪᠡᠳᠴᠢᠨ ᠪᠤᠯᠤᠨ᠎ᠠ᠃ ᠠᠷᠬᠠᠭ ᠡᠪᠡᠳᠴᠢᠨ ᠤ ᠬᠦᠨᠲᠦᠷᠡᠯᠲᠡ᠂ ᠡᠮᠴᠢᠯᠡᠪᠤᠷᠢ ᠶᠢᠨ ᠶᠠᠪᠤᠴᠠ ᠳᠠᠬᠢ ᠡᠮ ᠵᠠᠰᠠᠯ ᠤᠨ ᠪᠤᠷᠤᠭᠤᠲᠠᠯ᠂ ᠪᠡᠷᠲᠡᠵᠦ ᠲᠤᠷᠬᠢᠭᠰᠠᠨ ᠪᠠ ᠪᠠᠳᠭᠠᠨ ᠬᠠᠯᠠᠭᠤᠨ ᠤ ᠤᠷᠬᠠᠭ᠂ ᠢᠲᠡᠭᠡᠨ ᠶᠠᠪᠤᠲᠠᠯ ᠤᠨ ᠪᠤᠷᠤᠭᠤᠲᠠᠯ᠂ ᠬᠤᠤᠷᠲᠠᠭᠲᠠᠯ ᠵᠡᠷᠭᠡ ᠲᠠᠪᠤᠨ ᠵᠤᠶᠢᠯ ᠪᠣᠯ ᠲᠤᠰ ᠡᠪᠡᠳᠴᠢᠨ ᠤ ᠨᠦᠬᠦᠴᠡᠯ ᠪᠤᠯᠲᠠᠭ᠃ ᠬᠠᠪᠤᠩ ᠡᠪᠡᠳᠴᠢᠨ ᠤ ᠴᠢᠨᠠᠷ ᠢ ᠶᠡᠷᠦᠩᠬᠡᠢ  ᠳᠤ ᠨᠢ ᠦᠵᠡᠪᠡᠯ ᠡᠰᠡ ᠰᠢᠩᠭᠡᠭᠰᠡᠨ ᠪᠤᠶᠤ ᠲᠤᠩᠭᠠᠯᠠᠭ ᠡᠰᠡ ᠰᠢᠩᠭᠡᠭᠰᠡᠨ ᠠᠴᠠ ᠰᠢᠯᠲᠠᠭᠠᠯᠠᠵᠤ ᠡᠭᠦᠰᠭᠦ ᠲᠤᠯᠠ ᠬᠦᠢᠲᠡᠨ ᠴᠢᠨᠠᠷ ᠲᠠᠢ ᠪᠤᠶᠤ ᠪᠠᠳᠭᠠᠨ ᠬᠠᠯᠠᠭᠤᠨ ᠡᠪᠡᠳᠴᠢᠨ ᠤ ᠬᠦᠷᠢᠶ᠎ᠡ ᠬᠡᠪᠴᠢᠶᠡᠨ ᠳᠤ ᠪᠠᠭᠲᠠᠨ᠎ᠠ᠃      ※ ᠬᠠᠪᠤᠩ ᠡᠪᠡᠳᠴᠢᠨ ᠤ ᠵᠤᠶᠢᠯ ᠢᠯᠭᠠᠯ᠄ ① ᠬᠠᠪᠤᠩ ᠡᠪᠡᠳᠴᠢᠨ ᠤ ᠠᠬᠢᠴᠠ᠂ ᠬᠦᠴᠦᠨ ᠢᠶᠠᠷ ᠨᠢ ᠴᠠᠶᠢᠪᠤᠷ ᠬᠠᠪᠤᠩ᠂ ᠰᠤᠪᠠᠭ ᠬᠠᠪᠤᠩ᠂ ᠤᠰᠤᠨ ᠬᠠᠪᠤᠩ ᠭᠡᠵᠦ ᠭᠤᠷᠪᠠ ᠬᠤᠪᠢᠶᠠᠨ᠎ᠠ᠃ ᠴᠠᠶᠢᠪᠤᠷ ᠬᠠᠪᠤᠩ ᠢ 5 ᠵᠤᠶᠢᠯ᠂ ᠰᠤᠪᠠᠭ ᠬᠠᠪᠤᠩ ᠢ 6 ᠵᠤᠶᠢᠯ᠂ ᠤᠰᠤᠨ ᠬᠠᠪᠤᠩ ᠢ 15 ᠵᠤᠶᠢᠯ ᠢᠶᠠᠷ ᠠᠩᠬᠢᠯᠲᠠᠭ᠃ ② ᠤᠰᠤᠨ ᠬᠠᠪᠤᠩ ᠤᠨ ᠡᠭᠦᠰᠬᠦ ᠬᠡᠯᠪᠡᠷᠢ ᠪᠠᠷ ᠨᠢ ᠴᠤᠭᠯᠠᠷᠠᠭᠰᠠᠨ ᠤᠰᠤᠨ ᠬᠠᠪᠤᠩ᠂ ᠰᠠᠷᠨᠢᠭᠰᠠᠨ ᠤᠰᠤᠨ ᠬᠠᠪᠤᠩ᠂ ᠴᠤᠪᠤᠷᠢᠭᠰᠠᠨ ᠤᠰᠤᠨ ᠬᠠᠪᠤᠩ᠂ ᠨᠡᠪᠴᠢᠷᠡᠭᠰᠡᠨ ᠤᠰᠤᠨ ᠬᠠᠪᠤᠩ ᠪᠤᠶᠤ ᠬᠤᠤᠷᠲᠡᠯ ᠤᠨ ᠤᠰᠤᠨ ᠬᠠᠪᠤᠩ ᠭᠡᠵᠦ ᠢᠯᠭᠠᠨ᠎ᠠ᠃ ③ ᠬᠠᠪᠤᠩ ᠡᠪᠡᠳᠴᠢᠨ ᠤ ᠮᠠᠬᠠᠪᠤᠳ ᠢᠶᠠᠷ ᠨᠢ ᠬᠡᠢ᠂ ᠰᠢᠷ᠎ᠠ᠂ ᠪᠠᠳᠭᠠᠨ᠂ ᠴᠢᠰᠤ᠂ ᠰᠢᠷ᠎ᠠ ᠤᠰᠤ ᠭᠡᠵᠦ ᠬᠤᠪᠢᠶᠠᠨ᠎ᠠ᠃ ④ ᠬᠠᠪᠤᠩ ᠡᠪᠡᠳᠴᠢᠨ ᠤ ᠤᠷᠤᠨ ᠢᠶᠠᠷ ᠢᠯᠭᠠᠪᠠᠯ ᠭᠤᠤᠯᠲᠠᠭᠤ ᠵᠢᠷᠦᠭᠡ᠂ ᠪᠦᠭᠡᠷ᠎ᠡ᠂ ᠠᠭᠤᠰᠬᠢ᠂ ᠡᠯᠢᠭᠡ᠂ ᠲᠡᠯᠢᠭᠦᠦ᠂ ᠬᠤᠲᠤᠭᠤᠲᠤ᠂ ᠤᠯᠤᠭᠠᠢ ᠵᠡᠷᠭᠡ ᠪᠤᠯᠤᠨ᠎ᠠ᠃ ᠬᠠᠪᠤᠩ ᠡᠪᠡᠳᠴᠢᠨ ᠢ ᠤᠷᠤᠨ᠂ ᠴᠢᠨᠠᠷ ᠤᠨ ᠲᠠᠯ᠎ᠠ ᠪᠠᠷ ᠪᠠᠭᠴᠠᠯᠠᠪᠠᠯ᠂ ᠭᠠᠲᠠᠷ ᠬᠠᠪᠤᠩ᠂ ᠲᠤᠲᠤᠷ ᠬᠠᠪᠤᠩ ᠬᠢᠭᠡᠳ ᠬᠠᠯᠠᠭᠤᠨ᠂ ᠬᠦᠢᠲᠡᠨ ᠴᠢᠨᠠᠷ  ᠲᠠᠢ ᠬᠠᠪᠤᠩ ᠳᠤ ᠪᠠᠭᠲᠠᠭᠲᠠᠨ᠎ᠠ᠃      ◆ ᠭᠤᠷᠪᠠᠨ ᠵᠤᠶᠢᠯ ᠤᠨ ᠬᠠᠪᠤᠩ ᠡᠪᠡᠳᠴᠢᠨ ᠤ ᠲᠤᠰ ᠲᠤᠰ ᠤᠨ ᠤᠨᠴᠠᠯᠢᠭ ᠰᠢᠨᠵᠢ ᠶᠢᠨ ᠲᠠᠯ᠎ᠠ ᠪᠠᠷ ᠴᠠᠶᠢᠪᠤᠷ ᠬᠠᠪᠤᠩ ᠳᠤ ᠵᠤᠪᠬᠢ᠂ ᠨᠢᠭᠤᠷ᠂ ᠰᠢᠯᠪᠢ ᠵᠡᠷᠭᠡ ᠪᠡᠶ᠎ᠡ ᠶᠢᠨ ᠠᠷᠠᠰᠤ ᠮᠢᠬᠠᠨ ᠤ ᠨᠢᠮᠭᠡᠨ ᠭᠠᠵᠠᠷ ᠢᠶᠠᠷ ᠰᠡᠯᠬᠦᠷᠡᠬᠦ ᠰᠢᠨᠵᠢ ᠭᠤᠤᠯ ᠢᠯᠡᠷᠡᠵᠦ᠂ ᠰᠤᠪᠠᠭ ᠬᠠᠪᠤᠩ ᠪᠣᠯ ᠴᠠᠶᠢᠪᠤᠷ ᠬᠠᠪᠤᠩ ᠤᠨ ᠬᠦᠨᠲᠦᠷᠡᠯᠲᠡ ᠶᠢᠨ ᠰᠢᠨᠵᠢ ᠢᠯᠡᠷᠡᠬᠦ ᠶᠢᠨ ᠬᠠᠮᠲᠤ ᠠᠯᠢ ᠲᠠᠯ᠎ᠠ ᠪᠠᠷ ᠢᠶᠠᠨ ᠬᠡᠪᠲᠡᠪᠡᠯ ᠲᠡᠷᠡ ᠲᠠᠯ᠎ᠠ ᠤᠷᠤᠭᠤ ᠤᠰᠤ ᠨᠢ ᠰᠤᠪᠠᠭᠯᠠᠵᠤ ᠴᠤᠭᠯᠠᠷᠠᠨ ᠬᠠᠪᠤᠩᠨᠠᠬᠤ ᠵᠡᠷᠭᠡ ᠤᠨᠴᠠᠯᠢᠭ ᠰᠢᠨᠵᠢ ᠲᠠᠢ᠂ ᠤᠰᠤᠨ ᠬᠠᠪᠤᠩ ᠳᠤ ᠭᠤᠤᠯᠲᠠᠭᠤ ᠪᠤᠰᠤᠳ ᠬᠠᠪᠤᠩ ᠤᠨ ᠬᠦᠨᠲᠦᠷᠡᠯᠲᠡ ᠶᠢᠨ ᠰᠢᠨᠵᠢ ᠲᠤᠲᠤᠷᠬᠠᠢ ᠢᠯᠡᠷᠡᠬᠦ ᠶᠢᠨ ᠬᠠᠮᠲᠤ ᠲᠦᠷᠪᠡᠨ ᠬᠡᠯᠪᠡᠷᠢ ︵ᠴᠤᠭᠯᠠᠷᠠᠭᠰᠠᠨ᠂ ᠴᠤᠪᠤᠷᠢᠭᠰᠠᠨ᠂ ᠰᠠᠷᠨᠢᠭᠰᠠᠨ᠂ ᠬᠤᠤᠷᠲᠠᠯ ᠤᠨ︶ ᠶᠢᠨ ᠠᠯᠢ ᠨᠢᠭᠡᠨ ᠤ ᠤᠨᠴᠠᠯᠢᠭ ᠰᠢᠨᠵᠢ ᠨᠢ ᠲᠡᠶᠢᠯᠦᠩᠬᠦᠢ ᠢᠯᠡᠷᠡᠵᠦ᠂ ︽ᠤᠰᠤᠨ ᠬᠠᠪᠤᠩ ᠤᠨ ᠨᠠᠢᠮᠠᠨ ᠬᠤᠲᠠ︾ ︵ᠵᠤᠪᠬᠢ᠂ ᠠᠮᠠ᠂ ᠨᠢᠭᠤᠷ᠂ ᠨᠢᠷᠤᠭᠤᠨ ᠤ ᠠᠷᠪᠠᠨ ᠵᠢᠷᠭᠤᠲᠤᠭᠠᠷ ᠦᠶᠡᠰ ᠤᠨ ᠤᠷᠴᠢᠮ᠂ ᠬᠤᠲᠤᠭᠤᠲᠤ ᠡᠪᠴᠢᠭᠦᠨ ᠤ ᠬᠤᠷᠮᠤᠢ᠂ ᠨᠢᠭᠤᠴᠠ ᠤᠷᠴᠢᠮ᠂ ᠬᠢᠩᠭᠠᠷ᠎ᠠ ᠰᠢᠯᠪᠢ᠂ ᠬᠦᠯ ᠤᠨ ᠦᠯᠮᠡᠢ︶ ᠳᠤ ᠨᠡᠶᠢᠲᠡᠮ ᠤᠰᠤ ᠪᠢᠯᠬᠠᠭᠰᠠᠨ ᠢᠯᠡᠷᠡᠯ ᠲᠠᠢ ᠪᠠᠶᠢᠲᠠᠭ᠃ ᠤᠰᠤᠨ ᠬᠠᠪᠤᠩ ᠤᠨ ᠵᠠᠪᠰᠠᠷ ᠲᠤ ᠬᠠᠪᠤᠩ ᠤᠨ ᠪᠤᠯᠪᠠᠰᠤᠷᠬᠤ ᠬᠤᠭᠤᠴᠠᠭᠠᠨ ᠳᠤ ᠪᠣᠯ ᠪᠦᠬᠦ ᠪᠡᠶ᠎ᠡ ᠨᠢ ᠨᠡᠶᠢᠲᠡᠮ ᠢᠶᠠᠷ ᠬᠠᠪᠤᠩᠨᠠᠵᠤ᠂ ᠡᠴᠦᠰ ᠲᠤ ᠲᠡᠯᠭᠡᠷᠡᠬᠦ ᠬᠤᠭᠤᠴᠠᠭᠠᠨ ᠳᠤ ᠬᠠᠯᠠᠭᠤᠨ ᠬᠦᠢᠲᠡᠨ ᠤ ᠰᠢᠨᠵᠢ ᠨᠢ ᠤᠯᠠᠮ ᠲᠤᠲᠤᠷᠬᠠᠢ ᠪᠤᠯᠤᠨ ᠬᠤᠪᠢᠶᠠᠭᠲᠠᠬᠤ ᠪᠤᠯᠤᠨ᠎ᠠ᠃      20. ᠬᠠᠲᠠᠬᠢ        ᠦᠰᠦᠨ ᠤᠭᠤᠲᠠ ᠪᠤᠯᠤᠨ ᠤᠶᠢᠷ᠎ᠠ ᠤᠷᠴᠢᠮ ᠤᠨ ᠡᠷᠭᠲᠡᠨ ᠤ ᠢᠲᠡᠭᠡᠯᠡᠬᠦ ᠴᠢᠨᠠᠷ  ᠲᠠᠢ ᠠᠷᠠᠰᠤᠨ ᠡᠪᠡᠳᠴᠢᠨ᠃ ᠵᠤᠨ᠂ ᠨᠠᠮᠤᠷ ᠤᠨ ᠤᠯᠠᠷᠢᠯ ᠳᠤ ᠬᠡᠥᠬᠡᠳ᠂ ᠬᠦᠩᠭᠡᠵᠢᠭᠰᠡᠨ ᠡᠮᠡᠭᠲᠡᠢ ᠪᠠ ᠲᠠᠮᠢᠷ ᠲᠤᠷᠤᠢ ᠬᠦᠮᠦᠰ ᠲᠤ ᠤᠯᠠᠨ ᠲᠤᠬᠢᠶᠠᠯᠲᠤᠬᠤ ᠪᠦᠭᠡᠳ ᠨᠢᠭᠤᠷ᠂ ᠬᠦᠵᠦᠭᠦᠦ᠂ ᠦᠭᠡᠵᠡᠭ ᠲᠤ ᠠᠷᠪᠢᠨ ᠢᠯᠡᠷᠡᠵᠦ᠂ ᠲᠦᠷᠪᠡᠨ ᠮᠦᠴᠢ᠂ ᠭᠤᠤᠯ ᠪᠡᠶ᠎ᠡ ᠪᠤᠯᠤᠨ ᠲᠡᠭᠡᠲᠦ ᠤᠷᠤᠭᠤᠯ᠂ ᠬᠠᠮᠠᠷ ᠤᠨ ᠨᠦᠭᠡ᠂ ᠴᠢᠬᠢᠨ ᠲᠤᠲᠤᠷ᠎ᠠ ᠭᠠᠷᠬᠤ ᠴᠦ ᠪᠠᠶᠢᠲᠠᠭ᠃ ᠭᠤᠤᠯᠲᠠᠭᠤ ᠢᠲᠡᠭᠡᠨ ᠤᠮᠲᠠᠭᠠᠨ᠂ ᠶᠠᠪᠤᠲᠠᠯ ᠮᠦᠷ ᠤᠨ ᠪᠤᠷᠤᠭᠤᠲᠠᠯ ᠠᠴᠠ ᠮᠠᠭᠤ ᠴᠢᠰᠤ᠂ ᠰᠢᠷ᠎ᠠ ᠤᠰᠤ ᠠᠷᠪᠢᠲᠤᠭᠠᠳ ᠨᠢᠶᠠᠨ ᠬᠠᠪᠰᠤᠷᠴᠦ ᠡᠪᠡᠳᠴᠢᠯᠡᠨ᠎ᠡ᠃ ᠱᠤᠷᠤᠯᠵᠢᠨ ᠲᠤᠪᠤᠭᠤᠷ ᠪᠢᠵᠢᠷᠠᠤ ᠭᠠᠷᠴᠦ ᠶᠡᠬᠡᠳᠬᠦ  ᠶᠢᠨ ᠲᠠᠭᠠᠤ ᠤᠯᠠᠶᠢᠵᠦ ᠬᠠᠪᠤᠲᠤᠭᠠᠳ ᠬᠠᠲᠠᠭᠤ ᠬᠦᠪᠲᠦᠷᠦᠦ ᠪᠤᠯᠵᠤ ᠬᠦᠨᠲᠡᠭᠦᠷᠯᠡᠵᠦ ᠡᠪᠡᠲᠦᠨ᠎ᠡ᠂ ᠬᠡᠰᠡᠭ ᠭᠠᠵᠠᠷ  ᠤᠨ ᠠᠷᠠᠰᠤ ᠨᠢ ᠴᠢᠨᠦᠭᠦᠨ ᠪᠦᠭᠡᠳ ᠬᠡᠷᠡᠯᠲᠦᠭᠰᠡᠨ ᠦᠩᠭᠡ ᠲᠠᠢ ᠪᠠᠶᠢᠲᠠᠭ᠂ ᠤᠯᠠᠮ ᠢᠶᠠᠷ ᠬᠡᠷ ᠲᠠᠢ ᠢᠲᠡᠭᠡᠲᠦ ᠶᠠᠷ᠎ᠠ ᠪᠤᠯᠵᠤ ᠵᠦᠭᠡᠯᠡᠷᠡᠵᠦ ᠨᠠᠮᠠᠯᠵᠠᠨ᠂ ᠨᠡᠪᠴᠢᠷᠡᠵᠦ ᠢᠲᠡᠭᠡ ᠭᠤᠭᠤᠵᠢᠵᠦ ᠪᠠᠷᠠᠪᠠᠯ ᠬᠠᠪᠤᠲᠠᠷ ᠨᠢ ᠬᠠᠷᠢᠵᠦ ᠡᠪᠡᠷᠰᠢᠶᠡᠯ ᠨᠠᠮᠲᠠᠭᠠᠳ ᠰᠤᠷᠪᠢᠲᠠᠵᠤ ᠡᠲᠡᠭᠡᠷᠡᠨ᠎ᠡ᠃ ᠤᠯᠠᠩᠬᠢ ᠳᠠᠭᠠᠨ ᠭᠠᠭᠴᠠ ᠪᠠᠷ ᠭᠠᠷᠬᠤ ᠪᠤᠯᠪᠠᠴᠦ ᠤᠯᠠᠨ ᠲᠤᠭ᠎ᠠ ᠪᠠᠷ ᠭᠠᠷᠬᠤ ᠴᠦ ᠪᠠᠶᠢᠲᠠᠭ᠃      21. ᠬᠡᠢ ᠳ᠋ᠠᠷᠭᠠᠨ         ᠬᠦᠵᠦᠭᠦᠦ᠂ ᠰᠠᠭᠡᠷ ᠤᠨ ᠭᠡᠰᠡᠭ ᠢᠶᠠᠷ ᠬᠡᠲᠡᠭᠡᠷ ᠪᠤᠶᠤ ᠪᠦᠭᠲᠤᠷ ᠪᠤᠯᠵᠤ ᠬᠤᠷᠢᠶᠠᠭᠲᠠᠬᠤ ᠶᠠᠰᠤᠨ ᠤ ᠬᠡᠢ ᠡᠪᠡᠳᠴᠢᠨ᠃ ᠬᠦᠵᠦᠭᠦᠦ ᠶᠠᠰᠤ ᠪᠠ ᠰᠡᠭᠡᠷ ᠶᠠᠰᠤ ᠭᠡᠮᠲᠤᠵᠦ ᠭᠡᠲᠡᠶᠢᠵᠦ ᠪᠦᠬᠦᠶᠢᠬᠦ ᠬᠤᠶᠠᠷ ᠵᠤᠶᠢᠯ ᠤᠨ ᠬᠤᠪᠢᠷᠠᠯᠲᠠ ᠢᠯᠡᠷᠡᠲᠡᠭ ᠲᠤᠯᠠ ︽ᠬᠡᠳᠡᠭᠡᠷ ᠳ᠋ᠠᠷᠭᠠᠨ︾᠂ ︽ᠪᠦᠭᠲᠦᠷ ᠳ᠋ᠠᠷᠭᠠᠨ  ︾᠂ ︽ᠬᠡᠲᠡᠶᠢᠬᠦ ᠳ᠋ᠠᠷᠭᠠᠨ︾᠂ ︽ᠪᠦᠬᠦᠶᠢᠬᠦ ᠳ᠋ᠠᠷᠭᠠᠨ︾ ᠭᠡᠲᠡᠭ᠃ ᠰᠢᠮ᠎ᠡ ᠲᠡᠵᠢᠭᠡᠯ ᠲᠤᠲᠠᠭᠲᠠᠬᠤ᠂ ᠴᠢᠬᠢᠭ ᠲᠠᠢ ᠤᠷᠤᠨ ᠰᠠᠭᠤᠴᠠ ᠪᠠ ᠤᠷᠴᠢᠨ ᠲᠤᠭᠤᠷᠢᠨ ᠤ ᠨᠦᠬᠦᠴᠡᠯ᠂ ᠪᠡᠶ᠎ᠡ ᠬᠡᠯᠡ ᠰᠡᠳᠬᠢᠯ ᠤᠨ ᠤᠶᠢᠯᠡ ᠠᠵᠢᠯᠯᠠᠭ᠎ᠠ ᠬᠡᠲᠤᠷᠡᠬᠦ᠂ ᠬᠦᠵᠦᠭᠦᠦ ᠰᠡᠭᠡᠷ ᠤᠨ ᠶᠠᠰᠤᠨ ᠪᠡᠷᠲᠡᠩᠬᠢ ᠪᠤᠶᠤ ᠭᠡᠮᠲᠤᠯ ᠵᠢᠴᠢ ᠡᠪᠡᠳᠴᠢᠨ ᠤ ᠤᠷᠬᠠᠭ ᠡᠲᠡᠭᠡᠷ ᠶᠠᠰᠤᠨ ᠳᠤ ᠰᠢᠨᠤᠬᠤ ᠵᠡᠷᠭᠡ ᠨᠦᠬᠦᠴᠡᠯ ᠢᠶᠠᠷ ᠬᠡᠢ ᠠᠷᠪᠢᠳᠴᠦ ᠬᠢᠮᠤᠷᠠᠨ᠂ ᠮᠠᠬᠠᠪᠤᠳ ᠲᠠᠮᠢᠷ ᠤᠨ ᠬᠠᠷᠢᠴᠠᠭ᠎ᠠ ᠡᠪᠲᠡᠷᠡᠵᠦ ᠲᠦᠭᠡᠮᠡᠯ ᠭᠦᠶᠦᠭᠴᠢ ᠬᠡᠢ ᠪᠠ ᠲᠡᠭᠡᠭᠰᠢ ᠭᠦᠶᠦᠭᠴᠢ ᠬᠡᠢ᠂ ᠰᠢᠷ᠎ᠠ ᠲᠠᠢ ᠬᠢᠮᠤᠷᠠᠯᠲᠤᠨ ᠬᠦᠵᠦᠭᠦᠦ ᠪᠠ ᠰᠠᠭᠡᠷ ᠤᠨ ᠶᠠᠰᠤᠨ ᠳᠤ ᠰᠢᠨᠤᠭᠰᠠᠨ ᠠᠴᠠ ᠢᠯᠴᠢ ᠶᠢᠨ ᠲᠡᠩᠴᠡᠭᠦᠷᠢ ᠡᠪᠲᠡᠷᠡᠵᠦ ᠶᠠᠰᠤᠨ ᠲᠠᠮᠢᠷ ᠲᠤᠷᠤᠶᠢᠲᠠᠵᠤ ᠡᠭᠦᠰᠪᠡ᠃ ᠡᠮᠴᠢᠯᠡᠭᠡᠨ ᠳᠤ᠂ ᠰᠢᠷ᠎ᠠ᠂ ᠪᠠᠳᠭᠠᠨ᠂ ᠴᠢᠰᠤ᠂ ᠰᠢᠷ᠎ᠠ ᠤᠰᠤ᠂ ᠨᠢᠶᠠᠨ ᠬᠤᠷᠤᠬᠠᠢ ᠪᠦᠷ ᠬᠠᠪᠰᠤᠷᠬᠤ ᠪᠤᠯᠤᠯᠴᠠᠭ᠎ᠠ  ᠲᠠᠢ ᠪᠤᠯᠪᠠᠴᠦ ᠬᠠᠯᠠᠭᠤᠨ ᠪᠤᠶᠤ ᠬᠦᠢᠲᠡᠨ ᠰᠢᠷ᠎ᠠ ᠤᠰᠤ ᠬᠠᠪᠰᠤᠷᠬᠤ ᠨᠢ ᠢᠯᠡᠭᠦᠦ ᠪᠠᠶᠢᠲᠠᠭ᠃      22. ᠬᠡᠢ ᠴᠢᠨ᠋ᠸ᠎ᠠ ᠶᠢᠨ ᠲᠤᠯᠤᠭᠠᠢ ᠬᠠᠪᠤᠲᠠᠷ        ᠡᠪᠦᠲᠦᠭ ᠬᠠᠪᠤᠳᠬᠤ ᠰᠢᠨᠵᠢ ᠪᠠᠷ ᠢᠯᠡᠷᠡᠬᠦ ᠶᠠᠰᠤᠨ  ᠤ ᠬᠡᠢ ᠡᠪᠡᠳᠴᠢᠨ᠃ ᠪᠠᠰᠠ ︽ᠴᠢᠨ᠋ᠸ᠎ᠠ ᠶᠢᠨ ᠲᠤᠯᠤᠭᠠᠶᠢᠲᠤ ᠬᠠᠪᠤᠲᠠᠷ ᠡᠪᠡᠳᠴᠢᠨ︾᠂ ︽ᠴᠢᠨ᠋ᠸ᠎ᠠ ᠶᠢᠨ ᠲᠤᠯᠤᠭᠠᠶᠢᠲᠤ ᠶᠠᠷ᠎ᠠ︾᠂ ︽ᠬᠡᠢ ᠴᠢᠨ᠋ᠸ᠎ᠠ ᠶᠢᠨ ᠲᠤᠯᠤᠭᠠᠶᠢᠲᠤ ᠬᠠᠪᠤᠲᠠᠷ︾ ᠭᠡᠲᠡᠭ᠃ ᠡᠪᠡᠳᠴᠢᠨ ᠤ ᠡᠭᠦᠰᠦᠯᠲᠡ  ᠨᠢ ᠬᠡᠢ ᠴᠢᠰᠤ ᠪᠠᠷ ᠰᠢᠯᠲᠠᠭᠠᠯᠠᠬᠤ ᠪᠤᠯᠪᠠᠴᠦ ᠬᠤᠪᠢᠷᠠᠯᠲᠠ ᠶᠢᠨ ᠶᠠᠪᠤᠴᠠ ᠳᠤ ᠰᠢᠷ᠎ᠠ ᠤᠰᠤ᠂ ᠨᠢᠶᠠᠨ ᠬᠠᠪᠰᠤᠷᠬᠤ ᠪᠦᠭᠡᠳ ᠭᠠᠲᠠᠭᠠᠲᠤ ᠨᠦᠬᠦᠴᠡᠯ ᠪᠠ ᠡᠪᠡᠳᠴᠢᠲᠡᠨ ᠤ ᠦᠪᠡᠷᠮᠴᠢᠡ ᠴᠢᠨᠠᠷ᠂ ᠨᠠᠰᠤ᠂ ᠡᠪᠡᠳᠴᠢᠨ ᠤ ᠴᠠᠭ ᠬᠤᠭᠤᠴᠠᠭ᠎ᠠ ᠵᠡᠷᠭᠡ ᠠᠴᠠ ᠪᠤᠯᠵᠤ ᠡᠪᠡᠳᠴᠢᠨ ᠤ ᠮᠠᠬᠠᠪᠤᠳ ᠲᠤ ᠬᠤᠷᠠᠮᠠᠯ ᠴᠢᠨᠠᠷ ᠲᠠᠢ ᠤᠷᠪᠠᠯᠲᠠ ᠶᠢᠨ ᠳ᠋ᠦᠩ ᠭᠠᠷᠬᠤ ᠪᠠᠶᠢᠲᠠᠭ᠃ ᠡᠪᠡᠳᠴᠢᠨ ᠤ ᠶᠠᠪᠤᠴᠠ ᠪᠠᠷ᠂ ᠰᠢᠨ᠎ᠡ ᠦᠶ᠎ᠡ ᠪᠠ ᠬᠠᠭᠤᠴᠢᠷᠠᠭᠰᠠᠨ ᠦᠶ᠎ᠡ ᠭᠡᠵᠦ ᠬᠤᠶᠠᠷ ᠵᠤᠶᠢᠯ ᠢᠯᠭᠠᠨ᠎ᠠ᠃        23. ᠬᠡᠷᠦᠬᠦ ᠡᠪᠡᠳᠴᠢᠨ         ᠬᠠᠯᠠᠭᠤᠨ ᠡᠪᠡᠳᠴᠢᠨ ᠪᠦᠬᠦᠨ ᠳᠤ ᠪᠦᠯᠢᠶᠡᠨ ᠰᠢᠮᠡᠲᠦ ᠬᠡᠲᠦᠷᠡᠭᠰᠡᠨ᠂ ᠡᠲᠦᠷ ᠶᠡᠭᠡ ᠤᠨᠲᠠᠭᠰᠠᠨ᠂ ᠬᠠᠨᠠᠭᠤᠷ ᠡᠷᠲᠡᠲᠡᠭᠰᠡᠨ᠂ ᠬᠠᠲᠠᠭᠤ ᠬᠦᠴᠦᠯᠡᠭᠰᠡᠨ ᠢᠶᠠᠷ ᠬᠠᠯᠠᠭᠤᠨ ᠢ ᠪᠡᠶ᠎ᠡ ᠳᠤ ᠲᠠᠷᠬᠠᠭᠠᠳ᠂ ᠤᠯᠠᠩᠬᠢ ᠨᠢ ᠲᠤᠤᠷᠠᠲᠤ ᠪᠡᠶ᠎ᠡ ᠳᠤ ᠤᠨᠠᠵᠤ᠂ ᠲᠤᠩᠭᠠᠯᠠᠭ ᠨᠢ ᠤᠷᠤᠨ ᠳᠠᠭᠠᠨ ᠪᠤᠯᠪᠠᠰᠤᠷᠠᠵᠤ ᠴᠢᠲᠠᠭᠰᠠᠨ ᠦᠭᠡᠢ ᠪᠠᠷ ᠰᠢᠷ᠎ᠠ ᠤᠰᠤ ᠪᠤᠯᠵᠤ ᠲᠡᠯᠭᠡᠷᠡᠨ ᠦᠶᠡᠰ ᠲᠤ ᠰᠢᠨᠤᠵᠤ ᠴᠢᠨᠠᠭᠰᠢᠲᠠ ᠮᠢᠬ᠎ᠠ᠂ ᠶᠠᠰᠤ᠂ ᠰᠤᠲᠠᠯ᠂ ᠰᠢᠷᠪᠤᠰᠤᠨ ᠳᠤ ᠲᠦᠭᠡᠵᠦ ᠲᠤᠰ ᠡᠪᠡᠳᠴᠢᠨ ᠢ ᠡᠭᠦᠰᠭᠡᠨ᠎ᠡ᠃ ᠮᠢᠬᠠᠨ ᠤ ᠬᠡᠷᠦᠬᠦ᠂ ᠶᠠᠰᠤᠨ ᠤ ᠬᠡᠷᠦᠬᠦ᠂ ᠰᠤᠲᠠᠯ ᠤᠨ ᠬᠡᠷᠦᠬᠦ᠂ ᠪᠦᠯᠡᠭᠡ ᠶᠢᠨ ᠬᠡᠷᠦᠬᠦ᠂ ᠴᠠᠭᠠᠨ ᠬᠡᠷᠦᠬᠦ᠂ ᠬᠠᠷ᠎ᠠ ᠬᠡᠷᠦᠬᠦ ᠭᠡᠵᠦ ᠵᠢᠷᠭᠤᠭᠠᠨ ᠵᠤᠶᠢᠯ ᠪᠠᠶᠢᠲᠠᠭ ᠪᠤᠯᠪᠠᠴᠦ ᠬᠠᠷ᠎ᠠ ᠴᠠᠭᠠᠨ ᠬᠤᠶᠠᠷ ᠲᠤ ᠪᠠᠭᠲᠠᠨ᠎ᠠ᠃      24. ᠬᠤᠶᠠᠩ        ᠬᠤᠶᠠᠩ ᠪᠣᠯ ᠴᠠᠭᠠᠨ ᠰᠤᠲᠠᠯ ᠤᠨ ᠡᠪᠡᠳᠴᠢᠨ ᠪᠤᠯᠤᠨ᠎ᠠ᠃ ᠴᠠᠭᠠᠨ ᠰᠤᠲᠠᠯ ᠳᠤ ᠪᠡᠶ᠎ᠡ ᠶᠢᠨ ᠭᠠᠲᠠᠨ᠎ᠠ ᠲᠤᠲᠤᠨ᠎ᠠ ᠪᠠᠶᠢᠷᠯᠲᠤᠭᠰᠠᠨ ᠬᠤᠶᠠᠷ ᠵᠤᠶᠢᠯ ᠪᠤᠢ᠃ ᠲᠤᠲᠤᠷ᠎ᠠ ᠪᠠᠷᠢᠯᠲᠤᠭᠰᠠᠨ ᠴᠠᠭᠠᠨ ᠰᠤᠲᠠᠯ  ᠳᠤ ᠲᠠᠷᠢᠬᠢᠨ ᠠᠴᠠ ᠲᠤᠷᠤᠭᠰᠢ ᠰᠠᠯᠪᠤᠷᠢᠯᠠᠵᠤ ᠴᠤᠯᠤ ᠰᠠᠪᠠ ᠲᠠᠢ ᠬᠤᠯᠪᠤᠯᠲᠤᠬᠤ ᠠᠷᠪᠠᠨ ᠭᠤᠷᠪᠠ ᠪᠤᠢ᠃ ᠦᠭᠡᠷ᠎ᠡ  ᠪᠠᠷ ᠬᠡᠯᠡᠪᠡᠯ ᠬᠡᠢ᠂ ᠰᠢᠷ᠎ᠠ᠂ ᠪᠠᠳᠭᠠᠨ ᠳᠤ ᠲᠤᠰ ᠪᠦᠷᠢ ᠲᠦᠷᠪᠡ ᠲᠦᠷᠪᠡ ᠪᠠ ᠬᠤᠷᠠᠮᠠᠯ ᠤᠨ ᠨᠢᠭᠡ ᠲᠠᠢ ᠠᠷᠪᠠᠨ ᠭᠤᠷᠪᠠ ᠪᠤᠯᠬᠤ ᠶᠤᠮ᠃ ᠭᠠᠲᠠᠨ᠎ᠠ ᠪᠠᠷᠢᠯᠲᠤᠭᠰᠠᠨ ᠵᠢᠷᠭᠤᠭ᠎ᠠ ᠪᠤᠢ᠃ ᠡᠭᠦᠨ ᠳᠤ ᠬᠤᠶᠠᠷ ᠪᠦᠬᠦᠵᠡᠩ ᠪᠣᠯ ᠬᠠᠷᠠᠮᠠᠯ  ᠤᠨ ᠡᠭᠦᠲᠡᠨ ᠠᠴᠠ ᠬᠦᠯ ᠤᠨ ᠤᠯᠠ ᠬᠦᠷᠬᠦ᠃ ᠬᠤᠶᠠᠷ ᠵᠠᠵᠢᠳ ᠪᠣᠯ ᠰᠢᠯᠢ ᠶᠢᠨ ᠬᠤᠶᠠᠷ ᠲᠠᠯ᠎ᠠ ᠠᠴᠠ ᠭᠠᠷ ᠤᠨ ᠡᠷᠡᠬᠡᠢ ᠬᠦᠷᠬᠦ᠃ ᠬᠤᠶᠠᠷ ᠷᠠᠳᠨ᠎ᠠ ᠪᠣᠯ ᠲᠡᠷᠢᠬᠢᠨ ᠤ ᠬᠤᠷᠮᠤᠢ ᠠᠴᠠ ᠴᠢᠬᠢᠨ ᠤ ᠭᠡᠲᠡᠰᠦ ᠶᠢ ᠲᠠᠮᠵᠢᠵᠦ ᠭᠠᠷ ᠤᠨ ᠢᠲᠡᠮ ᠬᠤᠷᠤᠭᠤ ᠬᠦᠷᠲᠡᠯ᠎ᠡ ᠲᠤᠰ ᠲᠤᠰ ᠪᠠᠷᠢᠯᠲᠤᠵᠤ ᠪᠠᠶᠢᠲᠠᠭ᠃ ᠬᠠᠲᠠᠭᠤ ᠬᠦᠴᠦᠯᠡᠭᠰᠡᠨ ᠵᠡᠷᠭᠡ ᠪᠠᠷ ᠪᠡᠶ᠎ᠡ ᠶᠢ ᠲᠤᠷᠬᠢᠭᠤᠯᠵᠤ ᠰᠤᠲᠠᠯ ᠳᠤ ᠬᠠᠯᠠᠭᠤᠨ ᠪᠤᠶᠤ ᠰᠢᠷ᠎ᠠ ᠤᠰᠤ ᠪᠠᠭᠤᠭᠰᠠᠨ ᠢᠶᠠᠷ ᠬᠡᠢ ᠴᠢᠰᠤ ᠬᠢᠮᠤᠷᠠᠯᠲᠤᠨ ᠲᠡᠭᠡᠷᠡᠬᠢ ᠠᠷᠪᠠᠨ ᠶᠢᠰᠤᠨ ᠰᠤᠲᠠᠯ ᠤᠨ ᠠᠯᠢ ᠨᠢᠭᠡᠨ ᠳᠤ ᠤᠷᠤᠭᠰᠠᠨ ᠠᠴᠠ ᠬᠤᠶᠠᠩ ᠡᠪᠡᠳᠴᠢᠨ ᠪᠤᠯᠤᠨ᠎ᠠ᠃ ᠬᠤᠶᠠᠩ ᠳᠤ ᠬᠠᠯᠠᠭᠤᠨ ᠬᠦᠢᠲᠡᠨ ᠬᠤᠶᠠᠷ ᠵᠤᠶᠢᠯ ᠢᠯᠭᠠᠨ᠎ᠠ᠃ ᠰᠠ ᠡᠪᠡᠳᠴᠢᠨ ᠢᠶᠠᠷ ᠠᠲᠡᠭᠦᠷᠡᠬᠦ ᠴᠦ ᠪᠠᠶᠢᠲᠠᠭ᠃ ᠭᠠᠷ ᠬᠦᠯ  ᠤᠨ ᠮᠡᠲᠡᠷᠡᠯ ᠲᠠᠭᠠᠤ ᠡᠪᠡᠲᠦᠨ ᠮᠢᠨᠴᠦᠭᠦᠷᠡᠬᠦ ᠪᠤᠯ ᠲᠤᠰ ᠡᠪᠡᠳᠴᠢᠨ ᠤ ᠭᠤᠤᠯ ᠤᠨᠴᠠᠯᠢᠭ ᠰᠢᠨᠵᠢ ᠪᠤᠯᠤᠨ᠎ᠠ᠃        ※ ︽ᠬᠤᠷᠢᠨ ᠨᠠᠢᠮᠠᠲᠤ ᠲᠠᠶᠢᠯᠪᠤᠷᠢ ᠲᠤᠯᠢ︾ ᠳᠤ ︽ᠨᠢᠭᠡᠨ ᠵᠤᠶᠢᠯ ᠠᠷᠬᠠᠭ ᠡᠪᠡᠳᠴᠢᠨ ᠤ ᠨᠡᠷ᠎ᠡ᠃ ᠤᠯᠠᠩᠬᠢ ᠠᠨᠤ ᠮᠦᠷᠦ ᠬᠦᠵᠦᠭᠦᠦ ᠭᠠᠷ ᠬᠦᠯ ᠡᠪᠡᠳᠳᠤᠮᠤᠢ ︵ᠡᠪᠡᠳᠤᠮᠤᠢ︶᠃ ᠴᠠᠭᠠᠨ ᠬᠤᠶᠠᠩ᠂ ᠬᠠᠷ᠎ᠠ ᠬᠤᠶᠠᠩ ᠬᠡᠮᠡᠮᠤᠢ᠃︾      25. ᠭᠠᠷᠠᠭ ᠡᠪᠡᠳᠴᠢᠨ        ᠭᠡᠨᠡᠳᠲᠡ ᠪᠠᠷ ᠮᠠᠨᠠᠷᠠᠵᠤ ᠤᠬᠠᠭᠠᠨ ᠠᠯᠲᠠᠬᠤ᠂ ᠪᠡᠶ᠎ᠡ ᠲᠠᠮᠪᠠᠷᠠᠬᠤ᠂ ᠨᠢᠲᠤ ᠠᠮᠠ ᠮᠤᠷᠤᠶᠢᠬᠤ᠂ ᠬᠡᠯᠡ ᠴᠤᠯᠴᠢᠷᠠᠵᠤ ᠦᠭᠡ ᠲᠤᠲᠤ ᠦᠭᠡᠢ ᠪᠤᠯᠬᠤ ᠵᠡᠷᠭᠡ ᠤᠨᠴᠠᠯᠢᠭ ᠰᠢᠨᠵᠢ ᠪᠦᠬᠦᠢ ᠲᠡᠷᠢᠬᠢᠨ ᠰᠤᠲᠠᠯ ᠪᠠ ᠲᠠᠷᠢᠬᠢ ᠨᠤᠭᠤᠰᠤᠨ ᠤ ᠡᠪᠡᠳᠴᠢᠨ᠂ ᠪᠠᠰᠠ ︽ᠰᠠ ᠡᠪᠡᠳᠴᠢᠨ︾᠂ ︽ᠨᠦᠯᠦᠭᠡ ᠡᠪᠡᠳᠴᠢᠨ︾᠂ ︽ᠰᠡᠭᠦᠲᠡᠷ ᠡᠪᠡᠳᠴᠢᠨ︾ ᠭᠡᠲᠡᠭ᠃ ᠤᠯᠠᠩᠬᠢ ᠳᠠᠭᠠᠨ ᠢᠲᠡᠷ ᠨᠠᠰᠤᠨ ᠠᠴᠠ ᠲᠡᠭᠡᠭᠰᠢᠬᠢ ᠬᠦᠮᠦᠨ ᠳᠤ ᠲᠤᠬᠢᠶᠠᠯᠲᠤᠬᠤ ᠪᠦᠭᠡᠳ ᠴᠤᠴᠢᠮᠠᠭ ᠬᠦᠨᠲᠦ ᠲᠤᠰᠲᠠᠭ᠃ ᠢᠲᠡᠭᠡᠨ ᠤᠮᠲᠠᠭᠠᠨ᠂ ᠶᠠᠪᠤᠲᠠᠯ ᠮᠦᠷ ᠤᠨ ᠢᠯᠡᠭᠦᠲᠡᠬᠦ᠂ ᠲᠤᠲᠠᠭᠤᠲᠠᠬᠤ᠂ ᠪᠤᠷᠤᠭᠤᠲᠠᠯ ᠠᠴᠠ ᠰᠢᠷ᠎ᠠ ᠠᠷᠪᠢᠳᠬᠤ᠂ ᠮᠠᠬᠠᠪᠤᠳ ᠬᠢᠮᠤᠷᠠᠵᠤ ᠰᠢᠷᠤᠢ ᠤᠰᠤᠨ ᠤ ᠬᠤᠤᠷ ᠲᠤᠰᠬᠤ᠂ ᠪᠠᠳᠭᠠᠨ ᠬᠡᠢ ᠠᠷᠪᠢᠳᠴᠦ᠂ ᠪᠠᠳᠭᠠᠨ ᠰᠠᠯᠢᠰᠤ ᠲᠡᠷᠢᠬᠢ ᠨᠤᠭᠤᠰᠤᠨ ᠤ ᠰᠤᠲᠠᠯ ᠤᠨ ᠰᠦᠪᠡ ᠶᠢ ᠪᠦᠭᠯᠡᠭᠰᠡᠨ ᠠᠴᠠ ᠡᠭᠦᠰᠦᠨ᠎ᠡ᠃ ᠡᠮᠴᠢᠯᠡᠭᠡᠨ ᠳᠤ ᠬᠡᠢ ᠰᠠ᠂ ᠭᠠᠯ ᠰᠠ᠂ ᠤᠰᠤᠨ ᠰᠠ᠂ ᠰᠢᠷᠤᠢ ᠶᠢᠨ ᠰᠠ᠂ ᠤᠭᠲᠠᠷᠭᠤᠢ ᠶᠢᠨ ᠰᠠ ᠭᠡᠬᠦ ᠲᠠᠪᠤᠨ ᠵᠤᠶᠢᠯ ᠢᠯᠭᠠᠨ᠎ᠠ᠃      26. ᠭᠦᠪᠲᠦᠷᠦᠦ        ᠬᠠᠯᠠᠭᠤᠨ ᠲᠠᠭᠰᠢᠭᠤᠷ ᠵᠡᠷᠭᠡ ᠶᠢᠨ ᠵᠠᠰᠠᠯᠭ᠎ᠠ ᠪᠤᠷᠤᠭᠤᠲᠠᠵᠤ᠂ ᠬᠠᠯᠠᠭᠤᠨ ᠢ ᠰᠠᠷᠨᠢᠭᠤᠯᠵᠤ ᠲᠤᠤᠷ᠎ᠠ ᠪᠡᠶ᠎ᠡ ᠳᠤ ᠤᠨᠠᠭᠠᠳ ᠰᠢᠷ᠎ᠠ ᠤᠰᠤ ᠲᠠᠢ ᠬᠠᠪᠰᠤᠷᠤᠯᠲᠤᠨ ᠦᠶᠡᠰ ᠲᠤ ᠰᠢᠨᠤᠭᠰᠠᠨ ᠠᠴᠠ ᠪᠤᠯᠤᠨ᠎ᠠ ᠰᠢᠨ᠎ᠡ ᠬᠠᠭᠤᠴᠢᠨ ᠬᠤᠶᠠᠷ ᠵᠤᠶᠢᠯ ᠪᠠᠶᠢᠲᠠᠭ ᠪᠦᠭᠡᠳ ᠬᠤᠶᠠᠭᠤᠯᠠ ᠳᠤ ᠬᠠᠷ᠎ᠠ ᠴᠠᠭᠠᠨ ᠬᠤᠶᠠᠷ ᠢᠶᠠᠷ ᠢᠯᠭᠠᠨ᠎ᠠ᠃ ᠴᠠᠭᠠᠨ ᠬᠡᠷᠦᠬᠦ ᠪᠣᠯ ᠡᠪᠡᠷᠰᠢᠶᠡᠯ ᠢᠶᠠᠷ ᠶᠡᠭᠡ ᠪᠠᠶᠢᠲᠠᠭ᠃ ᠬᠡᠷᠦᠬᠦ ᠡᠪᠡᠳᠴᠢᠨ ᠨᠢ ᠬᠠᠪᠤᠷ ᠡᠪᠡᠰᠦ ᠨᠤᠭᠤᠭ᠎ᠠ ᠬᠦᠬᠡᠷᠡᠬᠦ ᠴᠠᠭ ᠲᠤ ᠤᠯᠤᠭᠰᠠᠨ ᠪᠣᠯ ᠨᠠᠮᠤᠷ ᠡᠪᠡᠰᠦ ᠤᠷᠭᠤᠮᠠᠯ ᠴᠠᠶᠢᠬᠤ ᠴᠠᠭ ᠢᠶᠠᠷ ᠢᠯᠡᠷᠡᠬᠦ᠂ ᠮᠥᠨ ᠨᠠᠮᠤᠷ ᠡᠪᠡᠰᠦ ᠨᠤᠭᠤᠭ᠎ᠠ ᠴᠠᠶᠢᠬᠤ ᠴᠠᠭ ᠲᠤ ᠤᠯᠤᠭᠰᠠᠨ ᠪᠣᠯ ᠬᠠᠪᠤᠷ ᠡᠪᠡᠰᠦ ᠨᠤᠭᠤᠭ᠎ᠠ ᠬᠦᠬᠡᠷᠡᠬᠦ ᠶᠢᠨ ᠴᠠᠭ ᠲᠤ ᠢᠯᠡᠷᠡᠬᠦ ᠲᠦᠯᠦᠪ ᠲᠠᠢ ᠪᠢᠯᠡ᠃        ※ ︽ᠬᠤᠷᠢᠨ ᠨᠠᠢᠮᠠᠲᠤ ᠲᠠᠶᠢᠯᠪᠤᠷᠢ ᠲᠤᠯᠢ︾ ᠳᠤ ︽ᠠᠯᠢᠪᠠ ᠠᠮᠢᠲᠠᠨ ᠤ ᠠᠷᠠᠰᠤ ᠮᠢᠬᠠᠨ ᠤ ᠡᠪᠡᠳᠴᠢᠨ ᠪᠦᠭᠡᠳ ᠲᠦᠩᠳᠤᠶᠢᠨ ᠲᠤᠪᠤᠶᠢᠵᠤ ᠭᠠᠷᠬᠤ ᠬᠠᠪᠤᠲᠠᠷ ᠶᠠᠷ᠎ᠠ ᠮᠡᠲᠦ ᠶᠢ ᠭᠦᠪᠲᠦᠷᠦᠦ ᠭᠡᠮᠡᠮᠤᠢ᠃︾      27. ᠰᠢᠨ᠎ᠡ ᠬᠡᠷᠦᠬᠦ ᠡᠪᠡᠳᠴᠢᠨ         ᠨᠢᠭᠡ ᠵᠤᠶᠢᠯ ᠤᠨ ᠰᠢᠷ᠎ᠠ ᠤᠰᠤᠨ ᠴᠢᠨᠠᠷ ᠲᠠᠢ ᠬᠠᠯᠲᠠᠪᠤᠷᠢᠲᠦ ᠡᠪᠡᠳᠴᠢᠨ᠃ ᠤᠲᠤ ᠦᠶ᠎ᠡ ᠶᠢᠨ ᠡᠮᠨᠡᠯᠭᠡ ᠶᠢᠨ ︽ᠪᠷᠦ᠋ᠼᠧᠯ ᠡᠪᠡᠳᠴᠢᠨ  ︾ ᠲᠠᠢ ᠤᠶᠢᠷᠠᠯᠴᠠᠭ᠎ᠠ᠃ ᠲᠤᠰ ᠡᠪᠡᠳᠴᠢᠨ ᠨᠢ ᠬᠤᠨᠢ ᠢᠮᠠᠭ᠎ᠠ᠂ ᠦᠬᠡᠷ ᠭᠠᠭ᠋ᠠᠢ ᠵᠡᠷᠭᠡ ᠬᠡᠷ ᠤᠨ ᠲᠡᠵᠢᠭᠡᠪᠤᠷᠢᠲᠡᠨ ᠤ ᠬᠠᠯᠲᠠᠪᠤᠷᠢᠲᠦ ᠡᠪᠡᠳᠴᠢᠨ ᠪᠤᠯᠬᠤ ᠪᠦᠭᠡᠳ ᠡᠲᠡᠭᠡᠷ ᠠᠮᠢᠲᠠᠨ ᠠᠴᠠ ᠲᠠᠮᠵᠢᠵᠦ ᠬᠦᠮᠦᠨ ᠳᠤ ᠬᠠᠯᠲᠠᠪᠤᠷᠢᠯᠠᠲᠠᠭ᠃ ᠤᠷᠲᠤ ᠬᠤᠭᠤᠴᠠᠭ᠎ᠠ ᠬᠠᠯᠠᠭᠤᠷᠠᠬᠤ᠂ ᠬᠦᠯᠦᠷᠡᠬᠦ᠂ ᠦᠶ᠎ᠡ ᠭᠡᠰᠢᠭᠦᠦ ᠭᠡᠷᠦᠵᠦ ᠡᠪᠡᠳᠬᠦ᠂ ᠪᠡᠶ᠎ᠡ ᠲᠠᠮᠢᠷᠲᠠᠬᠤ᠂ ᠲᠦᠮᠦᠰᠦ ᠬᠠᠪᠤᠳᠬᠤ᠂ ᠡᠯᠢᠭᠡ ᠲᠡᠯᠢᠭᠦᠦ ᠪᠦᠲᠦᠭᠦᠷᠡᠬᠦ᠂ ᠡᠪᠡᠳᠴᠢᠨ ᠨᠢ ᠤᠯᠠᠨ ᠤᠲᠠᠭ᠎ᠠ ᠲᠡᠬᠢᠬᠤ ᠵᠡᠷᠭᠡ ᠤᠨᠴᠠᠯᠢᠭ ᠲᠠᠢ᠃ ᠡᠮᠴᠢᠯᠡᠭᠡᠨ  ᠳᠤ ᠬᠠᠷ᠎ᠠ ᠬᠡᠷᠦᠬᠦ᠂ ᠴᠠᠭᠠᠨ ᠬᠡᠷᠦᠬᠦ ᠬᠤᠶᠠᠷ ᠵᠤᠶᠢᠯ ᠢᠯᠭᠠᠨ᠎ᠠ᠃      28. ᠰᠢᠭᠡᠰᠤ ᠬᠠᠭᠠᠭᠲᠠᠬᠤ        ᠲᠠᠪᠤᠰᠠᠩ ᠳᠤ ᠲᠦᠭᠦᠷᠡᠩ ᠰᠢᠭᠡᠰᠦ ᠲᠠᠢ ᠪᠠᠶᠢᠭᠠᠳ ᠰᠢᠭᠡᠵᠦ ᠦᠯᠦ ᠭᠠᠷᠬᠤ ᠰᠢᠨᠵᠢ ᠲᠡᠮᠲᠡᠭ ᠢᠶᠠᠷ ᠢᠯᠡᠷᠡᠬᠦ ᠲᠠᠪᠤᠰᠠᠩ ᠤᠨ ᠡᠪᠡᠳᠴᠢᠨ᠂ ᠪᠠᠰᠠ ︽ᠰᠢᠩᠭᠡᠨ ᠮᠦᠷ ᠬᠠᠭᠠᠭᠲᠠᠬᠤ ᠡᠪᠡᠳᠴᠢᠨ︾ ᠭᠡᠲᠡᠭ᠃ ᠮᠠᠬᠠᠪᠤᠳ ᠬᠢᠮᠤᠷᠠᠵᠦ ᠤᠷᠤᠭᠤ ᠠᠷᠢᠯᠭᠠᠭᠴᠢ ᠬᠡᠢ ᠶᠢᠨ ᠤᠶᠢᠯᠡ ᠠᠵᠢᠯᠯᠠᠭ᠎ᠠ ᠪᠤᠷᠤᠭᠤᠲᠠᠭᠰᠠᠨ ᠠᠴᠠ ᠪᠤᠯᠵᠤ ᠡᠭᠦᠰᠲᠡᠭ᠃ ᠰᠢᠭᠡᠰᠦ ᠪᠦᠷᠢᠮᠦᠰᠦᠨ ᠬᠤᠷᠢᠭᠲᠠᠵᠤ ᠦᠴᠦᠬᠡᠨ ᠴᠦ ᠦᠯᠦ ᠭᠠᠷᠬᠤ  ᠶᠢ ᠰᠢᠭᠡᠰᠤ ᠬᠠᠭᠠᠭᠲᠠᠬᠤ ᠭᠡᠨ᠎ᠡ᠃ ᠶᠡᠷᠤ ᠨᠢ ᠢᠯᠭᠤᠮ ᠰᠢᠭᠡᠵᠦ ᠭᠠᠷᠬᠤ ᠦᠭᠡᠢ ᠪᠤᠶᠤ ᠬᠡᠵᠢᠶᠡᠲᠡ ᠲᠤᠲᠠᠭᠤ ᠰᠢᠭᠡᠬᠦ ᠢᠯᠡᠷᠡᠯ ᠲᠠᠢ᠃ ᠬᠡᠷᠪᠡ ᠰᠢᠭᠡᠰᠦ ᠴᠤᠴᠢᠮᠠᠭ ᠬᠠᠭᠠᠭᠲᠠᠪᠠᠯ ᠲᠠᠪᠤᠰᠠᠩ ᠳᠤ ᠰᠢᠭᠡᠰᠦ ᠲᠦᠭᠦᠷᠡᠩ ᠪᠠᠶᠢᠭ᠎ᠠ ᠠᠲᠠᠯ᠎ᠠ ᠰᠢᠭᠡᠵᠦ ᠭᠠᠷᠬᠤ ᠦᠭᠡᠢ᠂ ᠲᠠᠪᠤᠰᠠᠩ ᠲᠦᠭᠦᠷᠴᠦ ᠴᠢᠨᠤᠷᠡᠨ᠂ ᠤᠷᠤᠲᠤᠰᠤᠯᠠᠨ ᠡᠪᠡᠳᠴᠦ ᠵᠤᠪᠠᠭᠤᠷᠢᠯᠠᠬᠤ᠂ ᠲᠠᠪᠤᠰᠠᠩ ᠨᠢ ᠬᠠᠭᠠᠷᠠᠮᠠᠷ ᠲᠡᠰᠬᠦ ᠠᠯᠲᠠᠷᠠᠬᠤ ᠵᠡᠷᠭᠡ ᠰᠢᠨᠵᠢ ᠢᠯᠡᠷᠡᠨ᠎ᠡ᠃      29. ᠰᠢᠭᠡᠰᠦ ᠰᠢᠵᠢᠩᠲᠡᠬᠦ         ᠰᠢᠭᠡᠰᠦ ᠰᠢᠬᠠᠮᠲᠠᠨ ᠤᠯᠠᠰᠢᠷᠠᠵᠤ ᠠᠬᠢᠨ ᠲᠠᠬᠢᠨ ᠲᠦᠯᠢᠭᠦᠯᠦᠨ ᠰᠢᠭᠡᠬᠦ ᠪᠠ ᠰᠢᠭᠡᠰᠦ ᠢᠯᠭᠤᠮ ᠦᠭᠡᠢ ᠪᠤᠯᠵᠤ ᠰᠢᠭᠡᠰᠦᠨ ᠰᠦᠪᠡ ᠬᠠᠳᠬᠤᠯᠠᠵᠤ ᠡᠪᠡᠳᠬᠦ᠂ ᠰᠢᠭᠡᠵᠦ ᠪᠠᠷᠠᠭᠰᠠᠨ ᠦᠭᠡᠢ ᠦᠯᠡᠲᠡᠪᠤᠷᠢ ᠰᠢᠭᠡᠰᠦ ᠨᠢ ᠲᠠᠰᠤᠷᠠᠬᠤ ᠦᠭᠡᠢ ᠪᠠᠷ ᠦᠷᠬᠦᠯᠵᠢᠯᠡᠨ ᠪᠠᠭ᠎ᠠ ᠪᠠᠭ᠎ᠠ ᠪᠠᠷ ᠴᠤᠪᠤᠷᠢᠬᠤ ᠵᠡᠷᠭᠡ ᠤᠨᠴᠠᠯᠢᠭ ᠲᠠᠢ᠃ ᠢᠲᠡᠭᠡᠨ ᠤᠮᠲᠠᠭᠠᠨ᠂ ᠶᠠᠪᠤᠲᠠᠯ ᠮᠦᠷ ᠤᠨ ᠪᠤᠷᠤᠭᠤᠲᠠᠯ ᠢᠶᠠᠷ ᠪᠦᠭᠡᠷ᠎ᠡ ᠶᠢᠨ ᠬᠦᠢᠲᠡᠨ ᠡᠭᠦᠰᠴᠦ ᠲᠠᠪᠤᠰᠠᠩ ᠳᠤ ᠪᠠᠭᠤᠵᠤ᠂ ᠮᠠᠬᠠᠪᠤᠳ ᠲᠤᠷᠤᠶᠢᠲᠠᠭᠰᠠᠨ ᠢᠶᠠᠷ ᠪᠠᠳᠭᠠᠨ ᠬᠡᠢ ᠠᠷᠪᠢᠲᠤᠨ ᠬᠦᠢᠲᠡᠨ ᠤ ᠬᠦᠴᠦᠨ ᠶᠡᠬᠡᠳᠴᠦ᠂ ᠤᠷᠤᠭᠤ ᠠᠷᠢᠯᠭᠠᠭᠴᠢ ᠬᠡᠢ ᠶᠢᠨ ᠠᠵᠢᠯᠯᠠᠭ᠎ᠠ ᠮᠠᠭᠤᠲᠠᠵᠤ᠂ ᠨᠢᠶᠠᠨ ᠬᠠᠯᠲᠠᠪᠤᠷᠢᠯᠠᠯ ᠲᠠᠪᠤᠰᠠᠩ᠂ ᠰᠢᠭᠡᠰᠦᠨ ᠵᠠᠮ ᠳᠤ ᠪᠠᠭᠤᠵᠤ ᠡᠭᠦᠰᠪᠡ᠃      30. ᠰᠢᠭᠡᠰᠦ ᠴᠢᠪᠲᠠᠭᠰᠢᠬᠤ         ᠰᠢᠭᠡᠰᠦᠨ ᠵᠠᠮ ᠤᠨ ᠰᠠᠭᠠᠲᠠᠯ᠂ ᠤᠷᠤᠭᠤ ᠠᠷᠢᠯᠭᠠᠭᠴᠢ ᠬᠡᠢ ᠶᠢᠨ ᠤᠶᠢᠯᠡ ᠠᠵᠢᠯᠯᠠᠭᠠᠨ ᠤ ᠪᠤᠷᠤᠭᠤᠲᠠᠯ ᠠᠴᠠ ᠪᠤᠯᠵᠤ ᠲᠠᠪᠤᠰᠠᠩ ᠳᠤ ᠰᠢᠭᠡᠰᠦ ᠲᠠᠢ ᠪᠠᠶᠢᠭᠠᠳ ᠪᠠᠭ᠎ᠠ ᠪᠠᠭ᠎ᠠ ᠪᠠᠷ ᠲᠠᠰᠤᠯᠲᠠᠨ ᠤᠲᠠᠭᠠᠨ ᠭᠠᠷᠬᠤ ᠰᠢᠨᠵᠢ ᠲᠡᠮᠲᠡᠭ ᠪᠦᠬᠦᠢ ᠲᠠᠪᠤᠰᠠᠩ ᠤᠨ ᠡᠪᠡᠳᠴᠢᠨ᠃ ᠰᠢᠭᠡᠰᠦ ᠪᠠᠭ᠎ᠠ ᠪᠠᠭ᠎ᠠ ᠪᠠᠷ ᠲᠠᠰᠤᠯᠲᠠᠵᠤ ᠤᠲᠠᠭᠠᠨ ᠭᠠᠷᠬᠤ ᠶᠢ ᠰᠢᠭᠡᠰᠦ ᠴᠢᠪᠲᠠᠭᠰᠢᠬᠤ ᠭᠡᠨ᠎ᠡ᠃ ᠪᠠᠶᠢᠨ ᠲᠡᠬᠢᠨ ᠰᠢᠭᠡᠰᠦ ᠬᠦᠷᠴᠦ ᠰᠢᠭᠡᠬᠦ ᠳᠤ ᠪᠠᠭ᠎ᠠ ᠪᠠᠭ᠎ᠠ ᠪᠠᠷ ᠲᠤᠰᠤᠩᠨᠠᠨ ᠤᠲᠠᠭᠠᠨ ᠭᠠᠷᠬᠤ ᠤᠨᠴᠠᠯᠢᠭ ᠲᠠᠢ᠃ ᠮᠠᠬᠠᠪᠤᠳ ᠬᠢᠮᠤᠷᠠᠵᠦ ᠤᠷᠤᠭᠤ ᠠᠷᠢᠯᠭᠠᠭᠴᠢ ᠬᠡᠢ ᠶᠢᠨ ᠤᠶᠢᠯᠡ ᠠᠵᠢᠯᠯᠠᠭ᠎ᠠ ᠰᠠᠮᠠᠭᠤᠷᠠᠭᠰᠠᠨ ᠵᠡᠷᠭᠡ ᠠᠴᠠ ᠭᠤᠤᠯ ᠰᠢᠯᠲᠠᠭᠠᠯᠠᠵᠤ᠂ ᠪᠠᠳᠭᠠᠨ ᠬᠠᠯᠠᠭᠠᠤᠨ ᠴᠢᠨᠠᠷ  ᠲᠠᠢ ᠪᠠᠶᠢᠲᠠᠭ᠃ ᠦᠰᠦᠨ ᠪᠡᠲᠡᠬᠢ᠂ ᠤᠰᠤᠨ ᠪᠡᠲᠡᠬᠢ᠂ ᠮᠢᠬᠠᠨ ᠪᠡᠲᠡᠬᠢ᠂ ᠴᠢᠯᠠᠭᠤᠨ ᠪᠡᠲᠡᠬᠢ᠂ ᠨᠢᠭᠤᠴᠠ ᠪᠤᠯᠴᠢᠷᠬᠠᠢ ᠶᠢᠨ ᠴᠤᠴᠢᠯᠲᠠ᠂ ᠰᠢᠭᠡᠰᠦᠨ ᠵᠠᠮ ᠬᠠᠪᠤᠳᠬᠤ ᠵᠡᠷᠭᠡ ᠡᠪᠡᠳᠴᠢᠨ ᠢᠶᠠᠷ ᠰᠢᠭᠡᠰᠦ ᠴᠢᠪᠲᠠᠭᠰᠢᠬᠤ ᠴᠦ ᠪᠤᠢ᠃ ᠡᠮᠴᠢᠯᠡᠭᠡᠨ ᠳᠤ᠂ ᠬᠠᠯᠠᠭᠤᠨ ᠲᠡᠶᠢᠯᠦᠩᠬᠦᠢ᠂ ᠬᠦᠢᠲᠡᠨ ᠲᠡᠶᠢᠯᠦᠩᠬᠦᠢ᠂ ᠨᠢᠶᠠᠨ ᠬᠠᠪᠰᠤᠷᠤᠭᠰᠠᠨ ᠭᠡᠵᠦ ᠢᠯᠭᠠᠨ᠎ᠠ᠃      31. ᠰᠢᠬᠢᠷ ᠰᠢᠵᠢᠩ ᠡᠪᠡᠳᠴᠢᠨ         ᠬᠤᠪᠲᠤᠭᠰᠢᠨ ᠤᠮᠲᠠᠭᠠᠰᠴᠦ ᠶᠡᠭᠡ ᠢᠲᠡᠵᠦ ᠤᠤᠭᠤᠬᠤ᠂ ᠶᠡᠭᠡ ᠰᠢᠭᠡᠬᠦ ᠪᠠ ᠪᠡᠶ᠎ᠡ ᠲᠤᠷᠠᠬᠤ ᠰᠢᠨᠵᠢ ᠪᠠᠷ ᠢᠯᠡᠷᠡᠬᠦ ᠰᠢᠵᠢᠩ ᠡᠪᠡᠳᠴᠢᠨ ᠤ ᠨᠢᠭᠡ ᠵᠤᠶᠢᠯ᠃ ᠪᠠᠰᠠ ︽ᠰᠢᠬᠢᠷᠲᠦ ᠰᠢᠵᠢᠩ︾ ︽ᠪᠤᠯᠠᠩᠬᠢᠷ ᠡᠪᠡᠳᠴᠢᠨ︾᠂ ︽ᠰᠢᠵᠢᠩ ᠡᠪᠡᠳᠴᠢᠨ︾ ᠭᠡᠲᠡᠭ᠃ ᠭᠤᠤᠯᠲᠠᠭᠤ ᠲᠠᠪᠤᠰᠤᠯᠢᠭ᠂ ᠠᠮᠲᠠᠯᠢᠭ᠂ ᠰᠡᠷᠢᠭᠦᠨ ᠬᠦᠨᠲᠦ ᠢᠲᠡᠭᠡᠨ ᠢ ᠢᠲᠡᠭᠰᠡᠨ᠂ ᠴᠢᠬᠢᠭ ᠲᠠᠢ ᠤᠷᠤᠨ ᠳᠤ ᠰᠠᠭᠤᠭᠰᠠᠨ ᠢᠶᠠᠷ ᠪᠠᠳᠭᠠᠨ ᠦᠭᠡᠬᠦ ᠠᠷᠪᠢᠳᠴᠦ᠂ ᠲᠤᠩᠭᠠᠯᠠᠭ ᠪᠤᠯᠤᠭᠰᠠᠨ ᠦᠭᠡᠢ ᠪᠠᠷ ᠰᠢᠭᠡᠰᠦ ᠪᠠ ᠲᠠᠪᠤᠰᠠᠩ ᠳᠤ ᠤᠷᠤᠵᠤ ᠰᠢᠭᠡᠬᠦ ᠶᠢ ᠪᠤᠯᠠᠩᠬᠢᠷᠲᠤᠭᠤᠯᠤᠭᠰᠠᠨ ᠠᠴᠠ ᠡᠭᠦᠰᠦᠨ᠎ᠡ᠃ ᠵᠠᠯᠠᠭᠤ ᠢᠲᠡᠷ ᠨᠠᠰᠤᠨ ᠤ ᠬᠦᠮᠦᠨ ᠳᠤ ᠤᠯᠠᠩᠬᠢ ᠳᠠᠭᠠᠨ ᠲᠦᠷᠭᠡᠨ ᠲᠤᠰᠴᠦ᠂ ᠨᠠᠰᠤ ᠠᠬᠭᠰᠢᠷᠠᠭᠰᠠᠳ ᠤᠨ ᠡᠪᠡᠳᠴᠢᠨ ᠤ ᠶᠠᠪᠤᠴᠠ ᠲᠠᠯᠲᠠᠭᠤᠷ ᠠᠯᠭᠤᠷ ᠶᠠᠪᠤᠭᠲᠠᠬᠤ ᠨᠢ ᠲᠡᠶᠢᠯᠦᠩᠬᠦᠢ ᠪᠠᠶᠢᠲᠠᠭ᠃ ᠡᠮᠴᠢᠯᠡᠭᠡᠨ ᠳᠤ ᠬᠠᠯᠠᠭᠤᠨ ᠰᠢᠵᠢᠩ᠂ ᠴᠢᠰᠤᠨ ᠰᠢᠵᠢᠩ᠂ ᠬᠦᠢᠲᠡᠨ ᠰᠢᠵᠢᠩ᠂ ᠬᠡᠢ ᠰᠢᠵᠢᠩ᠂ ᠨᠢᠶᠠᠨ ᠰᠢᠵᠢᠩ ᠭᠡᠵᠦ ᠲᠠᠪᠤᠨ ᠵᠤᠶᠢᠯ ᠢᠶᠠᠷ ᠢᠯᠭᠠᠨ᠎ᠠ᠃ ︽ᠤᠪᠠᠳᠢᠰ ᠤᠨ ᠦᠨᠲᠦᠰᠦ︾ ᠳᠤ ︽ᠲᠠᠷᠤᠢ ᠳᠤᠨᠢ ᠵᠠᠰᠠᠬᠤ ᠦᠭᠡᠢ ᠪᠠᠷ ᠤᠲᠠᠲᠠᠯ᠎ᠠ ᠤᠭᠤᠷᠪᠠᠯ ᠲᠠᠷᠬᠠᠵᠤ ᠲᠤᠤᠷᠠᠬᠢ ᠮᠡᠲᠦ ᠠᠷᠪᠠᠨ ᠵᠤᠶᠢᠯ ᠤᠨ ᠡᠪᠡᠳᠴᠢᠨ ᠪᠤᠯᠤᠨ᠎ᠠ᠄① ᠰᠢᠪᠠᠷ ᠠᠶᠠᠭ᠎ᠠ ᠰᠢᠭ᠋ ᠶᠠᠷᠰᠢᠬᠤ ᠨᠢ ᠵᠠᠬ᠎ᠠ ᠨᠢ ᠬᠦᠲᠦᠭᠦᠷ᠂ ᠭᠤᠤᠯ ᠨᠢ ᠬᠤᠲᠤᠭᠤᠷ᠂ ᠬᠠᠷ᠎ᠠ ᠦᠩᠭᠡ ᠲᠠᠢ︔② ᠶᠠᠰᠤᠲᠤ ᠮᠡᠯᠡᠬᠡᠢ ᠰᠢᠭ ᠶᠠᠷᠰᠢᠬᠤ ᠨᠢ ᠵᠠᠬ᠎ᠠ ᠨᠢ ᠲᠤᠲᠤᠭᠰᠢ ᠪᠠᠨ ᠬᠤᠮᠤᠭᠤᠷ᠂ ᠵᠦᠭᠡᠯᠡᠨ᠂ ᠶᠠᠰᠤᠲᠤ ᠮᠡᠯᠡᠬᠡᠢ ᠶᠢᠨ ᠨᠢᠷᠤᠭᠤ ᠰᠢᠭ᠋ ᠲᠤᠪᠤᠭᠤᠷ︔③ ᠪᠦᠬᠡᠲᠦᠷ ᠨᠢ ᠵᠠᠬ᠎ᠠ ᠨᠢ ᠲᠤᠲᠤᠭᠰᠢ ᠪᠠᠨ ᠬᠤᠮᠤᠭᠤᠷ᠂ ᠦᠭᠡᠷᠢ ᠨᠢ ᠦᠰᠦᠷᠬᠡᠶᠢᠯᠡᠬᠦ᠂ ᠪᠦᠬᠡᠲᠦᠷ ᠬᠡᠯᠪᠡᠷᠢ ᠲᠠᠢ ᠶᠠᠷᠰᠢᠨ᠎ᠠ︔④ ᠲᠤᠤᠷ ᠰᠢᠭ᠋ ᠨᠢ ᠴᠢᠬᠢᠷᠠᠭ᠂ ᠰᠤᠲᠠᠯ ᠢᠶᠠᠷ ᠲᠤᠤᠷᠯᠠᠵᠤ ᠪᠠᠶᠢᠲᠠᠭ︔⑤ ᠭᠠᠯ ᠨᠠᠮᠤᠰᠤ ᠨᠢ ᠤᠯᠠᠶᠢᠨ ᠬᠠᠯᠠᠭᠤᠷᠠᠵᠤ ᠬᠠᠭᠠᠷᠠᠨ᠎ᠠ︔⑥ ᠦᠴᠦᠭᠡᠨ ᠪᠤᠷᠴᠠᠭ ᠰᠢᠭ᠋ ᠨᠢ ᠪᠤᠯᠪᠠᠰᠷᠠᠬᠤ ᠳᠠᠭᠠᠨ ᠪᠡᠷᠬᠡ ᠪᠦᠭᠡᠳ ᠦᠴᠦᠬᠡᠨ ᠪᠦᠭᠡᠷᠡᠩᠬᠡᠢ︔⑦ ᠴᠠᠭᠠᠨ ᠬᠡᠴᠢ ᠰᠢᠭ ᠨᠢ ᠲᠦᠷᠭᠡᠨ ᠪᠤᠯᠪᠠᠰᠤᠷᠠᠬᠤ ᠪᠦᠭᠡᠳ ᠦᠭᠡᠷᠢᠯᠡᠬᠦ ᠬᠦᠴᠦᠨ ᠨᠢ ᠶᠡᠭᠡ︔⑧ ᠪᠢᠲᠠᠷ᠎ᠠ ᠨᠢ ᠠᠷᠴᠠ ᠴᠦ ᠦᠷ᠎ᠡ ᠰᠢᠭ ᠮᠠᠰᠢ ᠴᠢᠬᠢᠷᠠᠭ᠂ ᠪᠦᠭᠡᠷᠡᠩᠬᠡᠢ︔⑨ ᠬᠦᠬᠡᠰᠦᠲᠡᠢ ᠨᠢ ᠨᠢᠭᠡ ᠬᠦᠪᠲᠦᠷᠦᠦ ᠶᠢ ᠤᠯᠠᠨ ᠵᠢᠵᠢᠭ ᠬᠦᠪᠲᠦᠷᠦᠦ ᠪᠠᠷ ᠬᠦᠷᠢᠶᠡᠯᠡᠵᠦ ᠭᠠᠷᠤᠨ᠎ᠠ︔⑩ ᠲᠤᠲᠤᠷ ᠴᠢᠬᠢᠬ᠎ᠠ ᠨᠢ ᠬᠠᠪᠤᠳᠬᠤ᠂ ᠦᠭᠡᠷᠢᠯᠡᠬᠦ ᠨᠢ ᠲᠤᠲᠤᠷ ᠴᠢᠬᠢᠬ᠎ᠠ ᠲᠠᠢ ᠠᠲᠠᠯᠢ ᠃ ᠡᠲᠡᠭᠡᠷ ᠪᠤᠯ ᠦᠶᠡᠰ᠂ ᠤᠨᠢᠰᠤ᠂ ᠵᠤᠵᠠᠭᠠᠨ ᠮᠢᠬ᠎ᠠ ᠪᠠ ᠠᠮᠢᠨ ᠭᠠᠵᠠᠷ ᠲᠤ ᠭᠠᠷᠤᠨ᠎ᠠ᠃      32. ᠰᠤᠪᠠᠭ ᠲᠤ ᠤᠨᠠᠬᠤ         ᠡᠯᠢᠭᠡᠨ ᠤ ᠠᠷᠪᠠᠨ ᠭᠤᠷᠪᠠᠨ ᠬᠠᠯᠠᠭᠤᠨ ᠡᠪᠡᠳᠴᠢᠨ ᠤ ᠨᠢᠭᠡ ᠵᠤᠶᠢᠯ ᠪᠤᠯᠤᠨ᠎ᠠ᠂ ︽ᠠᠷᠤᠷ᠎ᠠ ᠶᠢᠨ ᠫᠧᠷᠧᠩᠧᠨ︾ ᠳᠤ ︽ᠰᠤᠪᠠᠭ ᠳᠤ ᠤᠨᠠᠬᠤ ᠨᠢ ᠲᠤᠤᠷ᠎ᠠ ᠪᠡᠶ᠎ᠡ ᠳᠤ ᠤᠨᠠᠬᠤ︾ ᠭᠡᠵᠦ ᠲᠡᠮᠲᠡᠭᠯᠡᠵᠡᠢ᠃ ᠡᠮᠴᠢᠯᠡᠭᠡᠨ ᠳᠤ᠂ ᠰᠤᠪᠠᠭ ᠲᠤ ᠤᠨᠠᠬᠤ ᠶᠢ ᠪᠡᠯᠭᠡᠬᠦᠰᠦ ᠪᠠ ᠬᠦᠯ ᠳᠤ ᠤᠨᠠᠬᠤ ᠭᠡᠵᠦ ᠬᠤᠶᠠᠷ ᠵᠤᠶᠢᠯ ᠪᠠᠶᠢᠵᠤ᠂ ᠡᠯᠢᠭᠡᠨ ᠤ ᠴᠢᠰᠤ ᠪᠡᠯᠬᠡᠭᠦᠰᠦᠨ ᠳᠤ ᠤᠨᠠᠪᠠᠯ ᠪᠡᠯᠭᠡᠭᠦᠰᠦ ᠰᠢᠷᠬᠢᠷᠠᠬᠤ ᠪᠦᠭᠡᠳ ᠬᠦᠲᠡᠯᠪᠡᠯ ᠶᠡᠭᠡ ᠡᠪᠡᠷᠰᠢᠶᠡᠵᠦ ᠬᠠᠳᠬᠤᠯᠠᠨ᠎ᠠ᠃ ᠬᠦᠯ ᠳᠤ ᠤᠨᠠᠪᠠᠯ ᠰᠡᠬᠦᠵᠢ ᠨᠢ ᠤᠨᠲᠠᠷᠠᠨ ᠬᠠᠲᠠᠵᠤ ᠰᠢᠷᠬᠢᠷᠠᠨ ᠡᠪᠡᠲᠦᠨ᠎ᠡ᠃ ᠪᠡᠯᠭᠡᠬᠦᠰᠦ ᠨᠢ ᠬᠠᠯᠠᠭᠤᠷᠠᠵᠤ᠂ ᠪᠦᠯᠡᠭᠡ ᠰᠢᠷᠪᠤᠰᠦ ᠨᠢ ᠡᠪᠡᠳᠬᠦ ᠪᠤᠯᠤᠨ᠎ᠠ᠃      33. ᠲᠠᠮᠪᠤᠤ ᠡᠪᠡᠳᠴᠢᠨ         ᠲᠠᠮᠪᠤᠤ ᠶᠢᠨ ᠬᠤᠤᠷ ᠠᠴᠠ ᠬᠠᠯᠲᠠᠪᠤᠷᠢᠯᠠᠨ ᠡᠭᠦᠰᠦᠭᠰᠡᠨ ᠨᠢᠭᠡ ᠵᠤᠶᠢᠯ  ᠤᠨ ᠤᠵᠢᠭ ᠴᠢᠨᠠᠷ ᠲᠠᠢ ᠬᠠᠯᠲᠠᠪᠤᠷᠢᠲᠤ ᠡᠪᠡᠳᠴᠢᠨ᠂ ᠪᠠᠰᠠ ︽ᠬᠦᠷᠦᠯᠴᠡᠭᠦᠨ ᠤ ᠬᠤᠤᠷ᠎ᠠ︾᠂ ︽ᠦᠩᠭᠡᠨ ᠡᠪᠡᠳᠴᠢᠨ︾ ᠭᠡᠲᠡᠭ᠃ ᠲᠤᠰ ᠡᠪᠡᠳᠴᠢᠨ ᠪᠣᠯ ᠴᠢᠰᠤ ᠪᠠᠷ ᠲᠠᠮᠵᠢᠵᠦ ᠪᠦᠬᠦ ᠪᠡᠶ᠎ᠡ ᠳᠤ ᠲᠠᠷᠬᠠᠨ᠎ᠠ᠂ ᠡᠪᠡᠳᠴᠢᠨ ᠤ ᠬᠦᠭᠵᠢᠯᠲᠡ ᠶᠢᠨ ᠶᠠᠪᠤᠴᠠ ᠳᠤ ᠪᠡᠶ᠎ᠡ ᠶᠢᠨ ᠲᠤᠯᠤᠭᠠᠨ ᠲᠠᠮᠢᠷ᠂ ᠴᠤᠯᠤ᠂ ᠰᠠᠪᠠ ᠵᠡᠷᠭᠡ ᠶᠢᠨ ᠠᠯᠢ ᠨᠢᠭᠡᠨ ᠢ ᠴᠦ ᠭᠡᠮᠲᠦᠭᠡᠵᠦ᠂ ᠡᠯᠲᠡᠪ ᠵᠤᠶᠢᠯ ᠤᠨ ᠰᠢᠨᠵᠢ ᠲᠡᠮᠲᠡᠭ ᠢᠯᠡᠷᠡᠵᠦ ᠡᠪᠡᠳᠴᠢᠨ ᠤ ᠶᠠᠪᠤᠴᠠ ᠨᠢ ᠠᠯᠭᠤᠷ ᠠᠭᠠᠵᠢᠮ᠂ ᠦᠪᠡᠷ ᠢᠶᠠᠨ ᠡᠲᠡᠭᠡᠷᠡᠬᠦ ᠬᠠᠨᠲᠤᠰᠢ ᠲᠠᠢ᠂ ᠭᠡᠪᠡᠴᠦ ᠠᠬᠢᠨ ᠲᠠᠬᠢᠨ ᠬᠦᠲᠡᠯᠬᠦ ᠭᠡᠮ ᠲᠠᠢ᠃ ᠠᠩᠬ᠎ᠠ ᠡᠪᠡᠳᠴᠢᠯᠡᠬᠦ ᠦᠶ᠎ᠡ ᠳᠡᠭᠡᠨ ᠭᠠᠲᠠᠷ ᠪᠡᠯᠭᠡᠰ ᠲᠤ ᠬᠠᠲᠠᠭᠤ ᠶᠠᠷ᠎ᠠ ᠭᠠᠷᠬᠤ ᠤᠨᠴᠠᠯᠢᠭ ᠰᠢᠨᠵᠢ ᠲᠡᠮᠲᠡᠭ ᠢᠯᠡᠷᠡᠲᠡᠭ ᠪᠦᠭᠡᠳ ᠡᠪᠡᠳᠴᠢᠨ ᠤ ᠶᠠᠪᠤᠴᠠ ᠶᠢ ᠲᠠᠭᠠᠯᠲᠤᠨ ᠪᠦᠬᠦ ᠪᠡᠶ᠎ᠡ ᠶᠢᠨ ᠡᠯ᠎ᠡ ᠬᠡᠰᠡᠭ ᠲᠤ ᠡᠯᠲᠡᠪ ᠶᠠᠩᠵᠦ ᠶᠢᠨ ᠡᠰᠡᠷᠭᠡᠨ᠎ᠡ ᠭᠦᠪᠲᠦᠷᠤᠤ ᠪᠠ ᠶᠠᠷ᠎ᠠ ᠭᠠᠷᠴᠦ᠂ ᠬᠦᠨᠲᠦᠷᠡᠪᠡᠯ ᠴᠤᠯᠤ ᠰᠠᠪᠠ᠂ ᠲᠠᠷᠢᠬᠢ ᠮᠡᠲᠡᠷᠡᠯ ᠨᠤᠭᠤᠰᠤ ᠢ ᠭᠡᠮᠲᠦᠭᠡᠬᠦ ᠪᠤᠯᠤᠨ᠎ᠠ       34. ᠲᠡᠮᠤᠷ ᠬᠠᠭᠲᠤ ᠪᠠᠳᠭᠠᠨ         ᠲᠡᠮᠤᠷ ᠬᠠᠭᠲᠤ ᠪᠠᠳᠭᠠᠨ ᠭᠡᠲᠡᠭ ᠡᠪᠡᠳᠴᠢᠨ ᠪᠣᠯ ᠲᠠᠳᠬᠠᠯ ᠪᠤᠰᠤ ᠢᠲᠡᠭᠡᠨ ᠤᠮᠲᠠᠭᠠᠨ᠂ ᠤᠷᠢᠲᠤᠬᠢ ᠢᠲᠡᠭᠡᠨ ᠨᠢ ᠰᠢᠩᠭᠡᠭᠡᠲᠤᠢ ᠪᠠᠶᠢᠲᠠᠯ᠎ᠠ ᠪᠠᠶᠢᠨ ᠲᠠᠬᠢᠨ ᠢᠲᠡᠵᠦ ᠤᠤᠭᠤᠬᠤ ᠂ ᠴᠢᠨᠠᠷ ᠢᠶᠠᠷ ᠢᠶᠠᠨ ᠦᠯᠦ ᠵᠤᠬᠢᠯᠲᠤᠬᠤ ᠢᠲᠡᠭᠡᠨ ᠤᠮᠲᠠᠭᠠᠨ ᠢ ᠬᠤᠯᠢᠵᠤ ᠢᠲᠡᠵᠦ ᠤᠤᠭᠤᠭᠰᠠᠨ ᠠᠴᠠ ᠬᠠᠷᠰᠢᠯᠲᠤᠵᠤ ᠬᠤᠤᠷᠲᠠᠯᠭ᠎ᠠ ᠡᠭᠦᠰᠬᠦ᠂ ᠪᠤᠯᠪᠠᠰᠤᠷᠠᠭᠠᠲᠤᠢ ᠵᠢᠮᠢᠰ ᠨᠤᠭᠤᠭ᠎ᠠ ᠶᠢᠨ ᠵᠤᠶᠢᠯ᠂ ᠵᠤᠪᠠᠯᠭ᠎ᠠ ᠮᠢᠬ᠎ᠠ ᠵᠡᠷᠭᠡ ᠰᠢᠩᠭᠡᠬᠦ ᠳᠤ ᠪᠡᠷᠬᠡ ᠲᠠᠢ ᠢᠲᠡᠭᠡᠨ ᠤ ᠨᠦᠬᠦᠴᠡᠯ ᠢᠶᠠᠷ ᠢᠲᠡᠭᠰᠡᠨ ᠵᠤᠶᠢᠯ ᠨᠢ ᠬᠤᠲᠤᠭᠤᠲᠤᠨ ᠤ ᠢᠯᠴᠢ ᠪᠠᠷ ᠰᠢᠩᠭᠡᠭᠡᠭᠲᠡᠵᠦ ᠴᠢᠲᠠᠭᠰᠠᠨ ᠦᠭᠡᠢ ᠠᠴᠠ ᠠᠮᠲᠠᠯᠢᠭ ᠰᠠᠯᠢᠰᠦ ᠮᠠᠰᠢ ᠶᠡᠭᠡ ᠠᠷᠪᠢᠵᠢᠵᠦ ᠲᠡᠷᠡ ᠨᠢ ᠬᠤᠲᠤᠭᠤᠲᠤᠨ ᠲᠤᠲᠤᠷ᠎ᠠ ᠰᠡᠷᠬᠢᠶ᠎ᠡ ᠳᠤ ᠲᠠᠮᠤᠷ ᠤᠨ ᠬᠠᠭᠲᠤ ᠮᠡᠲᠦ ᠶᠠᠭᠤᠮ᠎ᠠ ᠲᠤᠭᠲᠠᠭᠰᠠᠨ ᠠᠴᠠ ᠬᠤᠲᠤᠭᠤᠲᠤᠨ ᠤ ᠢᠯᠴᠢ ᠪᠠᠭᠤᠷᠠᠵᠤ ᠭᠡᠭᠡᠷᠡᠬᠦ᠂ ᠴᠤᠩᠬᠤᠶᠢᠬᠤ ︵ᠲᠡᠯᠢᠬᠦ︶ ᠬᠤᠲᠤᠭᠤᠲᠤ ᠨᠢ ᠪᠦᠬᠦᠯᠢ ᠪᠠᠷ ᠢᠶᠠᠨ ᠬᠦᠰᠢᠵᠦ ᠡᠪᠡᠳᠬᠦ᠂ ᠲᠤᠷ᠎ᠠ ᠨᠢ ᠠᠮᠤᠷ ᠦᠭᠡᠢ ᠪᠤᠯᠬᠤ᠂ ᠪᠡᠶ᠎ᠡ ᠨᠢ ᠲᠤᠷᠠᠵᠦ ᠰᠠᠭᠤᠬᠤ ᠲᠤᠷᠠᠲᠠᠢ ᠪᠤᠯᠬᠤ᠂ ᠢᠲᠡᠭᠰᠡᠨ ᠵᠤᠶᠢᠯ ᠢᠶᠠᠨ ᠴᠦᠮ ᠰᠠᠯᠢᠰᠦ ᠦᠩᠬᠦᠷ ᠲᠠᠢ ᠪᠠᠷ ᠪᠦᠭᠡᠯᠵᠢᠬᠦ ᠵᠡᠷᠭᠡ ᠶᠢᠨ ᠰᠢᠨᠵᠢ ᠭᠠᠷᠲᠠᠭ ᠪᠠᠶᠢᠨ᠎ᠠ᠃      35. ᠲᠤᠯᠠᠢ          ᠭᠠᠷ ᠬᠦᠯ ᠤᠨ ᠵᠢᠵᠢᠭ ᠦᠶ᠎ᠡ ᠠᠴᠠ ᠡᠬᠢᠯᠡᠨ ᠤᠯᠠᠶᠢᠵᠦ ᠬᠠᠪᠤᠳᠬᠤ ᠪᠠ ᠡᠪᠡᠳᠬᠦ ᠂ ᠦᠶ᠎ᠡ ᠶᠢᠨ ᠬᠡᠯᠪᠡᠷᠢ ᠬᠤᠪᠢᠷᠠᠵᠤ ᠵᠡᠷᠡᠮᠲᠡᠭᠰᠢᠬᠦ ᠤᠨᠴᠠᠯᠢᠭ ᠲᠠᠢ ᠦᠶ᠎ᠡ ᠭᠡᠰᠢᠭᠦᠦ ᠶᠠᠰᠤᠨ ᠤ ᠡᠪᠡᠳᠴᠢᠨ᠃ ᠤᠲᠤ ᠦᠶ᠎ᠡ ᠶᠢᠨ ᠡᠮᠨᠡᠯᠭᠡ ᠶᠢᠨ痛风 ᠪᠤᠯ ᠲᠤᠰ ᠡᠪᠡᠳᠴᠢᠨ ᠤ ᠬᠦᠷᠢᠶ᠎ᠡ ᠬᠡᠪᠴᠢᠶᠡᠨ ᠳᠤ ᠪᠠᠭᠲᠠᠨ᠎ᠠ᠃ ᠵᠢᠵᠢᠭ ᠦᠶ᠎ᠡ ᠠᠴᠠ ᠡᠬᠢᠯᠡᠵᠦ ᠭᠡᠮᠲᠤᠭᠡᠳ ᠰᠡᠭᠦᠯ ᠳᠡᠭᠡᠨ ᠵᠡᠷᠡᠮᠲᠡᠭ ᠪᠤᠯᠬᠤ ᠪᠣᠯ ᠲᠤᠰ ᠡᠪᠡᠳᠴᠢᠨ ᠤ ᠤᠨᠴᠠᠯᠢᠭ ᠶᠤᠮ᠃ ᠢᠲᠡᠭᠡᠨ ᠤᠮᠲᠠᠭᠠᠨ᠂ ᠶᠠᠪᠤᠲᠠᠯ ᠮᠦᠷ ᠤᠨ ᠪᠤᠷᠤᠭᠤᠲᠠᠯ ᠢᠶᠠᠷ ᠰᠢᠷ᠎ᠠ ᠤᠰᠤ ᠠᠷᠪᠢᠳᠴᠦ ᠴᠢᠰᠤ ᠲᠠᠢ ᠬᠢᠮᠤᠷᠠᠯᠲᠤᠨ ᠦᠶ᠎ᠡ ᠭᠡᠰᠢᠭᠦᠦ᠂ ᠶᠠᠰᠤᠨ ᠤ ᠰᠢᠨᠤᠭᠰᠠᠨ ᠠᠴᠠ ᠬᠡᠢ ᠴᠢᠰᠤᠨ ᠤ ᠭᠦᠶᠦᠲᠡᠯ ᠬᠠᠷᠰᠢᠯᠠᠭᠲᠠᠨ᠂ ᠴᠠᠭᠠᠨ ᠰᠤᠲᠠᠯ ᠭᠡᠮᠲᠤᠵᠤ ᠡᠭᠦᠰᠪᠡ᠃ ᠡᠮᠴᠢᠯᠡᠭᠡᠨ ᠳᠤ ᠬᠠᠷ᠎ᠠ ᠲᠤᠯᠠᠢ᠂ ᠴᠠᠭᠠᠨ ᠲᠤᠯᠠᠢ᠂ ᠠᠯᠠᠭ ᠲᠤᠯᠠᠢ ᠭᠡᠵᠦ ᠭᠤᠷᠪᠠ ᠬᠤᠪᠢᠶᠠᠵᠤ᠂ ︽ᠤᠪᠠᠳᠢᠰ ᠤᠨ ᠦᠨᠲᠦᠰᠦ︾ ᠳᠤ ︽ᠬᠡᠢ᠂ ᠰᠢᠷ᠎ᠠ᠂ ᠪᠠᠳᠭᠠᠨ᠂ ᠴᠢᠰᠤ︾ ᠲᠡᠶᠢᠯᠦᠩᠬᠦᠢ ᠲᠦᠷᠪᠡᠨ ᠵᠤᠶᠢᠯ ᠢᠶᠠᠷ ᠢᠯᠭᠠᠨ ᠲᠠᠶᠢᠯᠪᠤᠷᠢᠯᠠᠪᠠ᠃      36. ᠴᠠᠩᠬ᠎ᠠ          ᠬᠡᠪᠡᠯᠢ ᠶᠢᠨ ᠭᠡᠰᠡᠭ ᠲᠤ ᠭᠡᠨᠡᠳᠲᠡ ᠪᠠᠷ ᠡᠪᠡᠷᠰᠢᠶᠡᠨ ᠬᠠᠳᠬᠤᠯᠠᠵᠤ ᠬᠦᠴᠦᠲᠡᠢ ᠡᠪᠡᠳᠬᠦ ᠴᠤᠴᠢᠮᠠᠭ ᠴᠢᠨᠠᠷ ᠲᠠᠢ ᠡᠪᠡᠳᠴᠢᠨ ᠤ ᠶᠡᠷᠦᠩᠬᠡᠢ ᠨᠡᠷ᠎ᠡ᠃ ᠭᠤᠤᠯᠲᠠᠭᠤ ᠰᠢᠩᠭᠡᠭᠡᠯᠲᠡ ᠶᠢᠨ ᠡᠷᠭᠡᠲᠡᠨ ᠬᠤᠲᠤᠭᠤᠲᠤ ᠭᠡᠲᠡᠰᠤ ᠤᠯᠤᠭᠠᠢ ᠳᠤ ᠡᠭᠦᠰᠬᠦ ᠪᠠᠷ ᠪᠠᠷᠠᠬᠤ ᠦᠭᠡᠢ ᠪᠠᠰᠠ ᠡᠯᠢᠭᠡ ᠲᠡᠯᠢᠭᠦᠦ ᠵᠡᠷᠭᠡ ᠴᠤᠯᠤ ᠪᠤᠯᠤᠨ ᠬᠠᠷ᠎ᠠ ᠴᠠᠭᠠᠨ ᠰᠤᠲᠠᠯ ᠢ ᠨᠦᠯᠦᠭᠡᠯᠡᠬᠦ ᠪᠤᠢ᠃ ︽ᠤᠪᠠᠳᠢᠰ ᠤᠨ ᠦᠨᠲᠦᠰᠦ︾ ᠳᠤ ︽ᠴᠤᠯᠤ ᠶᠢᠨ ᠴᠠᠩᠬ᠎ᠠ᠂ ᠰᠠᠪᠠ ᠶᠢᠨ ᠴᠠᠩᠬ᠎ᠠ᠂ ᠰᠤᠲᠠᠯ ᠤᠨ ᠴᠠᠩᠬ᠎ᠠ᠂ ᠬᠠᠯᠠᠭᠤᠨ ᠴᠠᠩᠬ᠎ᠠ᠂ ᠬᠤᠷᠤᠬᠠᠢ ᠴᠠᠩᠬ᠎ᠠ᠂ ᠨᠢᠶᠠᠨ ᠴᠠᠩᠬ᠎ᠠ︾ ᠭᠡᠵᠦ ᠬᠤᠪᠢᠶᠠᠵᠤ᠂ ︽ᠯᠾᠠᠨᠲ᠋ᠠᠪ︾ ᠳᠤ ︽ᠪᠤᠷᠤ ᠴᠠᠩᠬ᠎ᠠ᠂ ᠰᠢᠷ᠎ᠠ ᠴᠠᠩᠬ᠎ᠠ᠂ ᠬᠤᠷᠤᠬᠠᠢ ᠴᠠᠩᠬ᠎ᠠ︾ ᠭᠡᠵᠦ ᠭᠤᠷᠪᠠᠨ ᠵᠤᠶᠢᠯ ᠢᠯᠭᠠᠲᠠᠭ᠃      37. ᠶᠠᠮ᠎ᠠ ᠡᠪᠡᠳᠴᠢᠨ          ᠲᠤᠯᠤᠭᠠᠢ ᠡᠪᠡᠳᠬᠦ᠂ ᠬᠠᠮᠠᠷ ᠪᠦᠭᠯᠡᠷᠡᠵᠦ ᠨᠢᠰᠤ ᠭᠤᠭᠤᠵᠢᠬᠤ᠂ ᠰᠢᠷᠠᠩᠭᠤᠢ ᠨᠤᠭᠤᠭᠠᠨ ᠢᠶᠠᠷ ᠰᠠᠭᠤᠯᠭᠠᠬᠤ᠂ ᠤᠬᠠᠭᠠᠨ ᠰᠠᠨᠠᠭ᠎ᠠ ᠪᠤᠲᠤᠩᠭᠤᠶᠢᠷᠠᠬᠤ ᠤᠨᠴᠠᠯᠢᠭ ᠰᠢᠨᠵᠢ ᠪᠦᠬᠦᠢ ᠲᠤᠯᠤᠭᠠᠢ ᠶᠢᠨ ᠬᠤᠷᠤᠬᠠᠢ ᠡᠪᠡᠳᠴᠢᠨ᠃ ᠭᠤᠤᠯᠲᠠᠭᠤ ᠠᠷᠢᠬᠢ ᠶᠡᠭᠡ ᠤᠤᠭᠤᠬᠤ᠂ ᠶᠡᠭᠡ ᠲᠠᠭᠤᠨ ᠳᠤ ᠲᠤᠷᠬᠢᠵᠦ᠂ ᠭᠠᠯ ᠨᠠᠷᠠᠨ ᠳᠤ ᠬᠠᠯᠠᠬᠤ᠂ ᠬᠠᠲᠠᠭᠤ ᠬᠦᠴᠦᠯᠡᠬᠦ᠂ ᠲᠠᠭᠠᠷᠠᠵᠤ ᠪᠡᠭᠡᠷᠡᠬᠦ᠂ ᠰᠠᠯᠬᠢ ᠵᠢᠪᠠᠷ ᠲᠤ ᠴᠤᠬᠢᠬᠲᠠᠬᠤ᠂ ᠴᠠᠭᠠᠨ ᠢᠲᠡᠭᠡᠨ᠂ ᠠᠮᠲᠠᠯᠢᠭ ᠬᠦᠴᠢᠯᠯᠢᠭ ᠵᠦᠢᠯ ᠢ ᠬᠡᠲᠡᠷᠡᠭᠦᠯᠬᠦ ᠵᠡᠷᠭᠡ ᠪᠠᠷ ᠮᠠᠬᠠᠪᠤᠳ ᠬᠢᠮᠤᠷᠠᠵᠤ ᠡᠭᠦᠰᠤᠨ᠎ᠡ᠃ ᠡᠮᠴᠢᠯᠡᠭᠡᠨ ᠳᠤ ᠬᠠᠷ᠎ᠠ᠂ ᠴᠠᠭᠠᠨ᠂ ᠠᠯᠠᠭ ᠶᠠᠮ᠎ᠠ ᠭᠡᠵᠦ ᠭᠤᠷᠪᠠᠨ ᠵᠤᠶᠢᠯ ᠢᠶᠠᠷ ᠢᠯᠭᠠᠲᠠᠭ ᠪᠤᠯᠪᠠᠴᠦ ᠪᠠᠰᠠ ᠬᠤᠷᠤᠬᠠᠢ ᠶᠢᠨ ᠪᠦᠲᠦᠬᠦ ᠶᠠᠪᠤᠴᠠ ᠪᠠᠷ ᠢᠯᠭᠠᠬᠤ᠂ ᠡᠪᠡᠲᠦᠯᠲᠡ ᠪᠠᠷ ᠢᠯᠭᠠᠬᠤ᠂ ᠮᠠᠬᠠᠪᠤᠳ ᠢᠶᠠᠷ ᠢᠯᠭᠠᠬᠤ ᠪᠠᠶᠢᠲᠠᠭ᠃        ᠴᠠᠭ ᠤᠨ ᠬᠠᠷᠠᠭ᠎ᠠ ᠠᠴᠠ᠂ ᠠᠭᠤᠯᠭ᠎ᠠ ᠨᠢ ᠪᠦᠷᠢᠨ ᠲᠦᠭᠦᠷ ᠪᠤᠯᠵᠤ ᠴᠢᠲᠠᠭᠰᠠ ᠦᠭᠡᠢ᠂ ᠪᠢᠲᠠ ᠦᠷᠬᠦᠯᠵᠢᠯᠡᠨ ᠵᠠᠷᠢᠮ ᠠᠭᠤᠯᠭ᠎ᠠ ᠶᠢ ᠨᠢ ᠨᠠᠮᠠᠵᠦ ᠵᠠᠰᠠᠵᠦ᠂ ᠪᠠᠶᠠᠯᠢᠬᠵᠢᠭᠤᠯᠤᠨ ᠲᠡᠭᠦᠯᠲᠡᠷᠵᠢᠬᠦᠯᠬᠦ ᠪᠤᠯᠤᠨ᠎ᠠ᠃ ᠲᠠ ᠪᠦᠬᠦᠨ ᠤ ᠠᠩᠬᠠᠷᠤᠯ ᠢᠶᠠᠨ ᠬᠠᠨᠲᠤᠭᠤᠯᠤᠭᠰᠠᠨ ᠳᠤ ᠲᠠᠯᠠᠷᠬᠠᠯ᠎ᠠ︕      ᠬᠢᠨᠠᠯᠲᠠ ᠪᠤᠯᠭᠠᠭᠰᠠᠨ ᠰᠤᠷᠪᠤᠯᠵᠢ ᠪᠢᠴᠢᠭ        [1] ᠮᠤᠩᠭᠤᠯ ᠰᠤᠳᠤᠯᠤᠯ ᠤᠨ ᠨᠡᠪᠳᠡᠷᠭᠡᠢ ᠲᠤᠯᠢ ᠨᠠᠶᠢᠷᠠᠭᠤᠯᠬᠤ ᠵᠦᠪᠯᠡᠯ ︽ᠠᠨᠠᠭᠠᠬᠤ ᠤᠬᠠᠭᠠᠨ ᠤ ᠪᠤᠳᠢ  ︾ ᠨᠠᠶᠢᠷᠠᠭᠤᠯᠬᠤ ᠵᠦᠪᠯᠡᠯ᠂ ᠮᠤᠩᠭᠤᠯ ᠰᠤᠳᠤᠯᠤᠯ ᠤᠨ ᠨᠡᠪᠳᠡᠷᠭᠡᠢ ᠲᠤᠯᠢ ᠠᠨᠠᠭᠠᠬᠤ ᠤᠬᠠᠭᠠᠨ [S]᠂ ᠬᠦᠭᠡᠬᠤᠳᠠ᠄ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2002.4      [2] ᠵᠢᠮᠪᠠ᠂ ᠮᠤᠩᠭᠤᠯ ᠡᠮᠨᠡᠯᠭᠡ ᠶᠢᠨ ᠵᠠᠰᠠᠯᠭ᠎ᠠ ᠶᠢᠨ ᠪᠢᠴᠢᠭ [M]᠂ ᠬᠦᠭᠡᠬᠤᠳᠠ᠄ ᠦᠪᠦᠷ ᠮᠤᠩᠭᠤᠯ  ᠤᠨ ᠠᠷᠠᠳ ᠤᠨ ᠬᠡᠪᠯᠡᠯ ᠤᠨ ᠬᠤᠷᠢᠶ᠎ᠠ᠂ 1977.11      [3] ᠼᠧ · ᠰᠦᠷᠦᠩᠵᠠᠪ᠂ ᠮᠤᠩᠭᠤᠯ ᠠᠨᠠᠭᠠᠬᠤ ᠤᠬᠠᠭᠠᠨ ᠤ ᠲᠤᠲᠤᠷ ᠡᠮᠨᠡᠯᠭᠡ ᠶᠢᠨ ᠰᠤᠲᠤᠯᠤᠯ [M] ᠂ ᠪᠡᠭᠡᠵᠢᠩ᠄ ᠦᠨᠲᠦᠰᠦᠲᠡᠨ ᠤ ᠬᠡᠪᠯᠡᠯ ᠤᠨ ᠬᠤᠷᠢᠶ᠎ᠠ᠂ 1989.7      [4] ᠢᠰᠢᠪᠠᠯᠵᠤᠷ ᠵᠤᠬᠢᠶᠠᠵᠤ ᠵᠠᠮᠪᠠᠯᠱᠤᠩᠨᠤ᠂ ᠴᠤ᠋ · ᠭᠤᠮᠪᠤ᠂ ᠴᠤᠶᠢᠨᠤ᠋ ᠤᠷᠴᠢᠭᠤᠯᠵᠤ ᠨᠠᠶᠢᠷᠠᠭᠤᠯᠪᠠ᠂ ᠲᠦᠷᠪᠡᠨ ᠷᠠᠰᠢᠶᠠᠨ [M]᠂ ᠬᠦᠭᠡᠬᠤᠳᠠ᠄ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1988.12      [5] ᠲ᠊ · ᠲᠡᠮᠤᠷ᠎ᠡ ᠬᠠᠷᠭᠤᠭᠤᠯᠤᠨ ᠲᠡᠶᠢᠯᠪᠤᠷᠢᠯᠠᠪᠠ᠂ ᠠᠨᠠᠭᠠᠬᠤ ᠤᠬᠠᠭᠠᠨ ᠤ ᠲᠦᠷᠪᠡᠨ ᠦᠨᠲᠦᠰᠦ [M]᠂ ᠤᠯᠠᠭᠠᠨᠬᠠᠲᠠ᠄ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ᠂ 1993.11      [6] ᠱᠠᠬᠠᠷᠤ᠂ ᠮᠤᠩᠭᠤᠯ ᠠᠨᠠᠭᠠᠬᠤ ᠤᠬᠠᠭᠠᠨ ᠤ ᠬᠠᠯᠠᠭᠤᠨ ᠡᠪᠡᠳᠴᠢᠨ ᠤ ᠰᠤᠲᠤᠯᠤᠯ [M]᠂ ᠪᠡᠭᠡᠵᠢᠩ᠄ ᠦᠨᠲᠦᠰᠦᠲᠡᠨ ᠤ ᠬᠡᠪᠯᠡᠯ ᠤᠨ ᠬᠤᠷᠢᠶ᠎ᠠ᠂ 1990.10      [7] ᠦᠪᠦᠷ ᠮᠤᠩᠭᠤᠯ ᠤᠨ ᠬᠢᠲᠠᠳ ᠮᠤᠩᠭᠤᠯ ᠡᠮᠨᠡᠯᠭᠡ ᠰᠤᠲᠤᠯᠬᠤ ᠭᠠᠵᠠᠷ ᠨᠠᠶᠢᠷᠠᠭᠤᠯᠤᠨ ᠤᠷᠴᠢᠭᠤᠯᠪᠠ᠂ ᠠᠷᠤᠷ᠎ᠠ ᠶᠢᠨ ᠫᠧᠷᠧᠩᠧᠨ [M]᠂ ᠬᠦᠭᠡᠬᠤᠳᠠ᠄ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1999.8      [8] ᠵᠢᠷᠢᠮ ᠠᠶᠢᠮᠠᠭ ᠤᠨ ᠮᠤᠩᠭᠤᠯ ᠡᠮᠨᠡᠯᠭᠡ ᠰᠤᠲᠤᠯᠬᠤ ᠭᠠᠵᠠᠷ ᠲᠦᠪᠡᠳ ᠬᠡᠯᠡᠨ ᠠᠴᠠ ᠤᠷᠴᠢᠭᠤᠯᠪᠠ᠂ [M]᠂ ᠤᠯᠠᠭᠠᠨᠬᠠᠲᠠ᠄ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ ᠂ 1985.7      [9] ᠲᠤ᠋ · ᠰ᠊ · ᠦᠰᠦᠷᠦᠯᠲᠡ᠂ ᠮᠤᠩᠭᠤᠯ ᠠᠨᠠᠭᠠᠬᠤ ᠤᠬᠠᠭᠠᠨ ᠤ ᠪᠠᠮᠪᠠᠢ ᠪᠤᠯᠴᠢᠷᠬᠠᠢ ᠶᠢᠨ ᠡᠪᠡᠳᠴᠢᠨ ᠤ ᠰᠤᠲᠤᠯᠤᠯ ︵ᠠᠩᠬᠠᠲᠤᠭᠠᠷ ᠬᠡᠪᠯᠡᠯ︶᠂ [M]᠂ ᠤᠯᠠᠭᠠᠨᠬᠠᠲᠠ᠄ ᠦᠪᠦᠷ ᠮᠤᠩᠭᠤᠯ ᠤᠨ ᠬᠡᠪᠯᠡᠯ ᠤᠨ ᠪᠦᠯᠦᠭᠯᠡᠯ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ᠂ 2013.5      [10] ᠭᠠᠯᠰᠠᠩ ᠨᠠᠷ᠂ ᠮᠤᠩᠭᠤᠯ ᠠᠨᠠᠭᠠᠬᠤ ᠤᠬᠠᠭᠠᠨ ᠤ ᠨᠡᠷ᠎ᠡ ᠲᠤᠮᠢᠶᠠᠨ ᠤ ᠲᠠᠶᠢᠯᠪᠤᠷᠢ [M]᠂ ᠰᠢᠯᠢᠨᠬᠤᠲᠠ᠄ ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠭ ‍ᠤᠨ‌ᠮᠤᠩᠭᠤᠯ ᠡᠮᠨᠡᠯᠭᠡ ᠶᠢᠨ ᠰᠤᠲᠤᠯᠬᠤ ᠭᠠᠵᠠᠷ᠂ ᠰᠢᠯᠢ ᠶᠢᠨ ᠭᠤᠤᠯ ᠠᠶᠢᠮᠠᠭ ᠤᠨ ᠬᠡᠪᠯᠡᠬᠦ ᠤᠶᠢᠯᠡᠳᠪᠤᠷᠢ᠂1981      [11] ᠨᠠᠮᠵᠢᠯᠮ᠎ᠠ ᠡᠮᠬᠢᠯᠡᠪᠡ᠂ ᠬᠤᠷᠢᠨ ᠨᠠᠢᠮᠠᠲᠤ ᠲᠠᠶᠢᠯᠪᠤᠷᠢ ᠲᠤᠯᠢ [S]᠂ ᠬᠦᠭᠡᠬᠤᠳᠠ᠄ ᠦᠪᠦᠷ ᠮᠤᠩᠭᠤᠯ ᠤᠨ ᠬᠡᠪᠯᠡᠯ ᠤᠨ ᠪᠦᠯᠦᠭᠯᠡᠯ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2013.4      [12] ᠦᠪᠦᠷ ᠮᠤᠩᠭᠤᠯ ᠤᠨ ᠮᠤᠩᠭᠤᠯ ᠭᠡᠯᠡ ᠤᠳᠬ᠎ᠠ ᠵᠤᠬᠢᠶᠠᠯ ᠲᠡᠥᠬᠡ ᠰᠤᠲᠤᠯᠬᠤ ᠭᠠᠵᠠᠷ᠂ ᠬᠤᠷᠢᠨ ᠨᠢᠭᠡᠲᠦ ᠲᠠᠶᠢᠯᠪᠤᠷᠢ ᠲᠤᠯᠢ [S]᠂ ᠬᠦᠭᠡᠬᠤᠳᠠ᠄ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1977.11  
 
ᠢᠷᠡᠯᠲᠡ᠄ ᠬᠤᠯᠪᠤᠭ᠎ᠠ ᠪᠦᠷᠭᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map