ᠮᠤᠩᠭᠤᠯ ᠠᠨᠠᠭᠠᠬᠤ ᠤᠬᠠᠭᠠᠨ ᠤ ︽ᠠᠷᠪᠠᠨ ᠠᠩᠬᠠᠷᠤᠯ︾ ᠪᠠ ︽ᠠᠷᠪᠠᠨ ᠪᠠᠷᠢᠮᠲᠠᠯᠠᠯ︾ | | 1.ᠠᠷᠪᠠᠨ ᠠᠩᠬᠠᠷᠤᠯ ᠠᠷᠪᠠᠨ ᠠᠩᠬᠠᠷᠤᠯ ᠭᠡᠲᠡᠭ ᠪᠣᠯ ᠠᠯᠢᠪᠠ ᠡᠪᠡᠳᠴᠢᠨ ᠤ ᠬᠦᠴᠦᠨ ᠢ ᠢᠯᠭᠠᠨ | ᠲᠤᠲᠤᠯᠠᠵᠤ᠂ ᠶᠡᠷᠤᠨᠲᠡᠭ ᠤᠨ ᠬᠦᠴᠦ ᠴᠢᠲᠠᠯ ᠢ ᠲᠤᠬᠢᠷᠠᠭᠤᠯᠤᠨ ᠡᠮᠴᠢᠯᠡᠬᠦ ᠳᠡᠭᠡᠨ ᠡᠷᠬᠡᠪᠰᠢ ᠠᠩᠬᠷᠤᠯ ᠳᠠᠭᠠᠨ | ᠠᠪᠴᠦ ᠮᠦᠷᠲᠡᠨ ᠪᠠᠷᠢᠮᠲᠠᠯᠠᠬᠤ ᠶᠤᠰᠤ ᠲᠠᠢ ᠴᠢᠬᠤᠯᠠ ᠡᠰᠢ ᠪᠠᠷᠢᠮᠵᠢᠶ᠎ᠡ ᠨᠤᠭᠤᠳ ᠪᠤᠯᠤᠨ᠎ᠠ᠃ ᠡᠪᠡᠳᠴᠢᠨ ᠤ | ᠬᠦᠴᠦᠨ ᠢ ᠤᠯᠠᠮ ᠲᠤᠲᠤᠷᠬᠠᠢ ᠢᠯᠭᠠᠨ ᠲᠤᠲᠤᠯᠠᠭᠠᠳ ᠶᠡᠷᠤᠨᠲᠡᠭ ᠤᠨ ᠬᠦᠴᠦᠨ ᠴᠢᠲᠠᠯ ᠢ ᠲᠤᠬᠢᠷᠠᠭᠤᠯᠤᠨ | ᠬᠡᠷᠡᠭᠯᠡᠵᠦ ᠡᠮᠨᠡᠨ ᠵᠠᠰᠠᠬᠤ ᠶᠢᠨ ᠴᠢᠬᠤᠯᠠ ᠦᠨᠲᠦᠰᠦᠯᠡᠯ ᠪᠠ ᠡᠷᠭᠡᠪᠰᠢ ᠠᠩᠬᠠᠷᠤᠨ ᠮᠦᠷᠲᠡᠬᠦ ᠡᠰᠢ ᠪᠠᠷᠢᠮᠲᠠ ᠮᠥᠨ᠃ | ᠠᠷᠪᠠᠨ ᠠᠩᠬᠠᠷᠤᠯ ᠪᠣᠯ ᠡᠪᠡᠳᠴᠢᠨ ᠤᠨᠤᠰᠢᠯᠠᠬᠤ ᠶᠢᠨ ᠦᠨᠲᠦᠰᠦᠨ ᠵᠠᠷᠴᠢᠮ ᠤᠳ ᠪᠤᠯᠤᠨ᠎ᠠ᠃ | ① ᠡᠪᠡᠳᠴᠢᠨ ᠨᠢ ᠲᠤᠯᠤᠭᠠᠨ ᠲᠠᠮᠢᠷ ᠭᠤᠷᠪᠠᠨ ᠭᠬᠢᠷ ᠤᠨ ᠠᠯᠢᠨ ᠢ ᠬᠤᠤᠷᠯᠠᠭᠰᠠᠨ | ② ᠡᠪᠡᠳᠴᠢᠲᠡᠨ ᠤ ᠪᠡᠶ᠎ᠡ ᠶᠢᠨ ᠦᠪᠡᠷᠮᠢᠴᠡ ᠴᠢᠨᠠᠷ ᠨᠢ ᠲᠦᠷᠦᠯᠬᠢ ᠮᠥᠨ ᠴᠢᠨᠠᠷ ᠤᠨ ᠲᠠᠩ ᠬᠠᠪᠰᠤᠷᠤᠭᠰᠠᠨ | ᠬᠤᠷᠠᠭᠰᠠᠨ ᠤ ᠠᠯᠢᠨ ᠨᠢ ᠲᠡᠶᠢᠯᠦᠩᠬᠦᠢ ᠪᠤᠯᠬᠤ | ③ ᠨᠠᠰᠤᠨ ᠤ ᠬᠡᠮᠵᠢᠶ᠎ᠡ ᠨᠢ ᠬᠡᠥᠬᠡᠳ ᠪᠠᠭᠠᠴᠤᠳ᠂ ᠢᠲᠡᠷ ᠵᠠᠯᠠᠭᠤ᠂ ᠦᠲᠡᠯᠦᠭᠰᠡᠳ ᠤᠨ ᠠᠯᠢᠨ ᠨᠢ ᠪᠤᠯᠬᠤ | ④ ᠡᠪᠡᠳᠴᠢᠨ ᠤ ᠤᠷᠤᠰᠢᠭᠰᠠᠨ ᠤᠷᠤᠨ ᠨᠢ ᠠᠷᠠᠰᠤ᠂ ᠮᠢᠬ᠎ᠠ᠂ ᠰᠤᠲᠠᠯ᠂ ᠶᠠᠰᠤ᠂ ᠴᠤᠯᠤ᠂ ᠰᠠᠪᠠ ᠵᠡᠷᠭᠡ ᠭᠠᠲᠠᠷ | ᠲᠤᠲᠤᠷ ᠵᠠᠪᠰᠠᠷ ᠤᠨ ᠠᠯᠢᠨ ᠳᠤ ᠪᠠᠭᠤᠭᠰᠠᠨ | ⑤ ᠭᠠᠯ ᠤᠨ ᠢᠯᠴᠢ ᠨᠢ ᠬᠤᠷᠴᠠ᠂ ᠮᠤᠬᠤᠲᠠᠭ᠂ ᠲᠡᠭᠰᠢ᠂ ᠲᠡᠭᠰᠢ ᠦᠭᠡᠢ ᠶᠢᠨ ᠠᠯᠢᠨ ᠨᠢ ᠪᠤᠯᠬᠤ | ⑥ ᠲᠠᠮᠢᠷ ᠲᠡᠩᠭᠡᠭᠡ ᠨᠢ ᠲᠦᠷᠦᠯᠬᠢ ᠲᠠᠮᠢᠷ᠂ ᠴᠠᠭ ᠤᠯᠠᠷᠢᠯ ᠤᠨ ᠲᠠᠮᠢᠷ᠂ ᠵᠠᠰᠠᠵᠤ ᠲᠦᠯᠦᠵᠢᠭᠦᠯᠦᠭᠰᠡᠨ ᠲᠠᠮᠢᠷ ᠤᠨ | ᠠᠯᠢᠨ ᠨᠢ ᠪᠤᠯᠬᠤ | ⑦ ᠢᠲᠡᠭᠡᠨ ᠤᠮᠲᠠᠭᠠᠨ᠂ ᠶᠠᠪᠤᠲᠠᠯ ᠮᠦᠷ ᠵᠡᠷᠭᠡ ᠠᠮᠢᠲᠤᠷᠠᠯ ᠤᠨ ᠲᠠᠳᠬᠠᠯ ᠨᠢ ᠶᠠᠮᠠᠷ ᠵᠤᠶᠢᠯ ᠳᠤ ᠶᠡᠭᠡ ᠪᠠᠭ᠎ᠠ | ᠲᠤᠮᠲᠠ ᠠᠯᠢ ᠬᠡᠮᠵᠢᠶ᠎ᠡ ᠪᠠᠷ ᠲᠠᠲᠤᠭᠰᠠᠨ ᠪᠠᠶᠢᠬᠤ | ⑧ ᠡᠪᠡᠳᠴᠢᠯᠡᠭᠰᠡᠨ ᠴᠠᠭ ᠤᠯᠠᠷᠢᠯ ᠨᠢ ᠬᠠᠯᠠᠭᠤᠨ᠂ ᠬᠦᠢᠲᠡᠨ᠂ ᠬᠤᠷ᠎ᠠ ᠶᠢᠨ ᠴᠠᠭ ᠤᠨ ᠠᠯᠢᠨ ᠳᠤ | ᠲᠤᠬᠢᠶᠠᠯᠲᠤᠭᠰᠠᠨ | ⑨ ᠤᠷᠤᠨ ᠰᠠᠭᠤᠴᠠ ᠨᠢ ᠬᠠᠭᠤᠷᠠᠢ ᠬᠠᠯᠠᠭᠤᠨ᠂ ᠨᠤᠶᠢᠲᠠᠨ ᠴᠢᠬᠢᠭᠲᠡᠢ᠂ ᠬᠠᠭᠤᠷᠠᠢ ᠨᠤᠶᠢᠲᠡᠨ ᠬᠠᠪᠰᠤᠷᠤᠭᠰᠠᠨ | ᠤᠷᠤᠨ ᠰᠠᠭᠤᠴᠠ ᠶᠢᠨ ᠠᠯᠢᠨ ᠨᠢ ᠪᠤᠯᠬᠤ | ⑩ ᠡᠪᠡᠳᠴᠢᠨ ᠤ ᠮᠠᠬᠠᠪᠤᠳ ᠨᠢ ᠬᠡᠢ᠂ ᠰᠢᠷ᠎ᠠ᠂ ᠪᠠᠳᠭᠠᠨ᠂ ᠴᠢᠰᠤ᠂ ᠰᠢᠷ᠎ᠠ ᠤᠰᠤ᠂ ᠬᠤᠷᠤᠬᠠᠢ ᠵᠢᠷᠭᠤᠭ᠎ᠠ ᠶᠢᠨ | ᠠᠯᠢ ᠪᠠᠷ ᠭᠤᠤᠯ ᠰᠢᠯᠲᠠᠭᠠᠯᠭᠰᠠᠨ ᠪᠠᠶᠢᠬᠤ᠃ ᠡᠨᠡ ᠪᠣᠯ ᠡᠪᠡᠳᠴᠢᠲᠡᠨ ᠤ ᠲᠠᠯ᠎ᠠ ᠠᠴᠠ ᠡᠪᠡᠳᠴᠢᠨ ᠤ ᠬᠦᠴᠦᠨ ᠳᠤ | ᠦᠵᠡᠬᠦᠯᠬᠦ ᠨᠦᠯᠦᠭᠡ᠂ ᠤᠷᠴᠢᠨ ᠠᠬᠤᠢ ᠶᠢᠨ ᠡᠪᠡᠳᠴᠢᠨ ᠤ ᠬᠦᠴᠦᠨ ᠳᠤ ᠦᠵᠡᠬᠦᠯᠬᠦ ᠨᠦᠯᠦᠭᠡ ᠪᠤᠯᠤᠨ | ᠡᠪᠡᠳᠴᠢᠨ ᠤ ᠰᠢᠯᠲᠠᠭᠠᠨ ᠤ ᠤᠷᠪᠠᠯᠲᠠ ᠬᠤᠪᠢᠷᠠᠯᠲᠠ ᠵᠡᠷᠭᠡ ᠲᠠᠯ᠎ᠠ ᠶᠢ ᠦᠨᠲᠦᠰᠦᠯᠡᠭᠰᠡᠨ ᠠᠷᠪᠠᠨ ᠵᠤᠶᠢᠯ ᠤᠨ | ᠪᠠᠷᠢᠮᠵᠢᠶ᠎ᠠ ᠪᠤᠯᠤᠨ᠎ᠠ᠃ ᠡᠭᠦᠨ ᠳᠤ ① —⑦ ᠨᠢ ᠡᠪᠡᠳᠴᠢᠲᠡᠨ ᠤ ᠦᠪᠡᠷ ᠤᠨ ᠪᠡᠶᠡᠴᠢ ᠲᠠᠯ᠎ᠠ ᠠᠴᠠ ᠤᠤᠯ | ᠡᠪᠡᠳᠴᠢᠨ ᠤ ᠬᠦᠴᠦᠨ ᠳᠤ ᠭᠠᠷᠭᠠᠵᠤ ᠪᠤᠯᠬᠤ ᠨᠦᠯᠦᠭᠡᠯᠡᠯ ᠤᠨ ᠬᠦᠴᠦᠨ ᠵᠤᠶᠢᠯ ᠢ ᠰᠢᠨᠵᠢᠯᠡᠬᠦ ᠳᠤ ᠦᠨᠲᠦᠰᠦᠯᠡᠬᠦ | ᠡᠰᠢ ᠪᠠᠷᠢᠮᠲᠠ ᠪᠤᠯᠵᠤ᠂ ⑧⑨ ᠨᠢ ᠪᠠᠶᠢᠭᠠᠯᠢ ᠪᠠ ᠤᠷᠴᠢᠨ ᠠᠬᠤᠢ ᠶᠢᠨ ᠪᠤᠰᠤᠳᠴᠢ ᠲᠠᠯ᠎ᠠ ᠠᠴᠠ ᠤᠤᠯ | ᠡᠪᠡᠳᠴᠢᠨ ᠤ ᠬᠦᠴᠦᠨ ᠳᠤ ᠭᠠᠷᠭᠠᠵᠤ ᠪᠤᠯᠬᠤ ᠨᠦᠯᠦᠭᠡᠯᠡᠯ ᠤᠨ ᠬᠦᠴᠦᠨ ᠵᠤᠶᠢᠯ ᠢ ᠰᠢᠨᠵᠢᠯᠡᠬᠦ ᠳᠤ ᠦᠨᠲᠦᠰᠦᠯᠡᠬᠦ | ᠡᠰᠢ ᠪᠠᠷᠢᠮᠲᠠ ᠪᠤᠯᠵᠤ᠂ ⑩ ᠨᠢ ᠡᠲᠡᠭᠡᠷ ᠪᠠᠶᠡᠴᠢ ᠪᠠ ᠪᠤᠰᠤᠳᠴᠢ ᠬᠤᠶᠠᠷ ᠲᠠᠯ᠎ᠠ ᠶᠢᠨ ᠨᠦᠯᠦᠭᠡ ᠶᠢ ᠰᠢᠭᠤᠳ | ᠬᠦᠯᠢᠶᠡᠭᠴᠢ — ᠡᠪᠡᠳᠴᠢᠨ ᠤ ᠮᠥᠨ ᠴᠢᠨᠠᠷ ᠤᠨ ᠬᠤᠪᠢᠷᠠᠯᠲᠠ ᠶᠢ ᠵᠢᠭᠠᠵᠤ ᠪᠠᠶᠢᠭ᠎ᠠ ᠶᠤᠮ᠃ | ※ ︽ᠠᠨᠠᠭᠠᠬᠤ ᠤᠬᠠᠭᠠᠨ ᠤ ᠲᠦᠷᠪᠡᠨ ᠦᠨᠲᠦᠰᠦ︾ ᠳᠤ᠄ | ① ᠬᠤᠤᠷᠯᠠᠭᠲᠠᠬᠤᠨ — ᠪᠡᠶ᠎ᠡ ᠶᠢᠨ ᠲᠤᠯᠤᠭᠠᠨ ᠲᠠᠮᠢᠷ᠂ ᠭᠤᠷᠪᠠᠨ ᠭᠬᠢᠷ ᠪᠤᠯᠤᠨ᠎ᠠ᠃ | ② ᠭᠠᠵᠠᠷ ᠤᠷᠤᠨ — ᠬᠠᠭᠤᠷᠠᠢ᠂ ᠨᠤᠶᠢᠲᠠᠨ ᠬᠢᠭᠡᠳ ᠬᠠᠭᠤᠷᠠᠢ ᠨᠤᠶᠢᠲᠠᠨ ᠬᠠᠪᠰᠤᠷᠤᠯᠲᠤᠭᠰᠠᠨ ᠤᠷᠤᠨ ᠭᠤᠷᠪᠠ | ᠪᠤᠯᠤᠨ᠎ᠠ᠃ | ③ ᠴᠠᠭ — ᠬᠠᠯᠠᠭᠤᠨ ᠬᠦᠢᠲᠡᠨ᠂ ᠬᠤᠷ᠎ᠠ ᠶᠢᠨ ᠴᠠᠭ ᠡᠶᠢᠮᠤ ᠭᠤᠷᠪᠠ ᠪᠤᠯᠤᠨ᠎ᠠ᠃ | ④ ᠮᠥᠨ ᠴᠢᠨᠠᠷ — ᠳ᠋ᠠᠩ ᠨᠢ ᠭᠤᠷᠪᠠ᠂ ᠬᠠᠪᠰᠤᠷᠤᠭᠰᠠᠨ ᠨᠢ ᠭᠤᠷᠪᠠ᠂ ᠬᠤᠷᠠᠭᠰᠠᠨ ᠨᠢᠭᠡ᠂ ᠨᠡᠶᠢᠯᠡᠭᠡᠳ | ᠲᠤᠯᠤᠭ᠎ᠠ ᠪᠤᠯᠤᠨ᠎ᠠ᠃ | ⑤ ᠨᠠᠰᠤ — ᠨᠢᠯᠬᠠᠰ᠂ ᠢᠲᠡᠷ᠂ ᠬᠦᠭᠰᠢᠨ ᠭᠤᠷᠪᠠ ᠪᠤᠯᠤᠨ᠎ᠠ᠃ | ⑥ ᠡᠪᠡᠳᠴᠢᠨ ᠤ ᠮᠠᠬᠠᠪᠤᠳ — ᠬᠡᠢ᠂ ᠰᠢᠷ᠎ᠠ᠂ ᠪᠠᠳᠭᠠᠨ ᠭᠤᠷᠪᠠ ᠪᠤᠯᠤᠨ᠎ᠠ᠃ | ⑦ ᠤᠷᠤᠨ — ᠭᠠᠲᠠᠷ᠂ ᠲᠤᠲᠤᠷ᠂ ᠵᠠᠪᠰᠠᠷ ᠭᠤᠷᠪᠠ ᠪᠤᠯᠤᠨ᠎ᠠ᠃ | ⑧ ᠭᠠᠯ ᠤᠨ ᠢᠯᠴᠢ — ᠶᠡᠭᠡ ᠪᠠᠭ᠎ᠠ ᠲᠡᠭᠰᠢ ᠪᠠ ᠲᠡᠭᠰᠢ ᠦᠭᠡᠢ ᠲᠦᠷᠪᠡ ᠪᠤᠯᠤᠨ᠎ᠠ᠃ | ⑨ ᠲᠡᠩᠬᠡᠬᠡ ᠲᠠᠮᠢᠷ — ᠬᠠᠮᠲᠤ ᠲᠦᠷᠦᠭᠰᠡᠨ ᠲᠡᠩᠭᠡᠭᠡ᠂ ᠴᠠᠭ ᠤᠯᠠᠷᠢᠯ ᠤᠨ ᠲᠡᠩᠬᠡᠬᠡ᠂ ᠨᠠᠶᠢᠷᠠᠭᠤᠯᠵᠤ ᠵᠠᠰᠠᠭᠰᠠᠨ | ᠲᠡᠩᠬᠡᠬᠡ ᠭᠤᠷᠪᠠ ᠪᠤᠯᠤᠨ᠎ᠠ᠃ | ⑩ ᠲᠠᠳᠬᠠᠯ — ᠶᠡᠭᠡ ᠪᠠᠭ᠎ᠠ ᠲᠤᠮᠲᠠ ᠭᠤᠷᠪᠠ ᠪᠤᠯᠤᠨ᠎ᠠ᠃ ᠡᠲᠡᠭᠡᠷ ᠢ ᠠᠷᠪᠠᠨ ᠨᠤᠮ ᠭᠡᠨ᠎ᠡ᠃ | 2. ᠠᠷᠪᠠᠨ ᠪᠠᠷᠢᠮᠲᠠᠯᠠᠯ ᠡᠪᠡᠳᠴᠢᠨ ᠤ ᠬᠠᠭᠤᠮᠠᠭᠠᠢ ᠦᠵᠡᠭᠲᠡᠯ ᠤᠨ ᠠᠲᠡᠭᠦᠷᠡᠯ ᠢ ᠠᠷᠢᠯᠭᠠᠵᠤ᠂ | ᠡᠪᠡᠳᠴᠢᠨ ᠤ ᠮᠥᠨ ᠴᠢᠨᠠᠷ ᠢ ᠢᠯᠭᠠᠪᠤᠷᠢᠯᠠᠨ ᠲᠠᠨᠢᠬᠤ ᠳᠤ ᠵᠠᠪᠠᠯ ᠦᠨᠲᠦᠰᠦᠯᠡᠲᠡᠭ ᠠᠷᠪᠠᠨ ᠲᠠᠯ᠎ᠠ ᠶᠢᠨ | ᠦᠨᠲᠦᠰᠦᠨ ᠮᠦᠷᠲᠡᠯᠭᠡ ᠪᠤᠯᠤᠨ᠎ᠠ᠂ ᠪᠠᠰᠠ ︽ᠤᠨᠤᠰᠢᠯᠠᠯ ᠤᠨᠠᠷᠪᠠᠨ ᠶᠡᠭᠡ ᠪᠠᠷᠢᠮᠲᠠᠯᠠᠯ ᠤᠨ ᠰᠢᠨᠵᠢᠯᠡᠭᠡ ︾᠂ ︽ | ᠠᠲᠡᠬᠦᠷᠡᠯ ᠢ ᠠᠷᠢᠯᠭᠠᠬᠤ ᠠᠷᠪᠠᠨ ᠶᠡᠭᠡ ᠪᠠᠷᠢᠮᠲᠠᠯᠠᠯ ᠤᠨ ᠰᠢᠨᠵᠢᠯᠡᠭᠡ ︾ ᠭᠡᠲᠡᠭ᠃ ᠲᠤᠬᠠᠶᠢᠯᠠᠪᠠᠯ | ① ᠡᠪᠡᠳᠴᠢᠨ ᠢ ᠬᠦᠲᠡᠯᠭᠡᠭᠰᠡᠨ ᠨᠦᠬᠦᠴᠡᠯ — ᠢᠲᠡᠭᠡᠨ ᠤᠮᠲᠠᠭᠠᠨ ᠤ ᠨᠦᠬᠦᠴᠡᠯ᠂ ᠶᠠᠪᠤᠲᠠᠯ ᠮᠦᠷ ᠤᠨ | ᠨᠦᠬᠦᠴᠡᠯ᠂ ᠴᠠᠭ ᠤᠯᠠᠷᠢᠯ ᠤᠨ ᠨᠦᠬᠦᠴᠡᠯ᠂ ᠡᠲᠡᠭᠡᠳ ᠨᠦᠬᠦᠴᠡᠯ | ② ᠭᠤᠤᠯ ᠰᠢᠨᠵᠢ — ᠡᠪᠡᠳᠴᠢᠲᠡᠨ ᠤ ᠤᠤᠯ ᠲᠤᠭᠠᠴᠢᠯᠲᠠ᠂ ᠰᠤᠲᠠᠯ᠂ ᠬᠡᠯᠡ᠂ ᠰᠢᠭᠡᠰᠦᠨ ᠤ ᠰᠢᠨᠵᠢ | ③ ᠡᠪᠡᠳᠴᠢᠨ ᠤ ᠤᠷᠤᠨ — ᠲᠠᠪᠤᠨ ᠴᠤᠯᠤ ᠵᠢᠷᠭᠤᠭᠠᠨ ᠰᠠᠪᠠ ᠪᠤᠶᠤ ᠪᠡᠶ᠎ᠡ ᠶᠢᠨ ᠲᠡᠭᠡᠷ᠎ᠡ᠂ ᠲᠤᠮᠲᠠ᠂ ᠲᠤᠤᠷ᠎ᠠ | ᠬᠡᠰᠡᠭ᠂ ᠡᠰᠡᠭᠦᠯ᠎ᠡ ᠭᠠᠲᠠᠷ ᠲᠤᠲᠤᠷ ᠵᠠᠪᠰᠠᠷ | ④ ᠴᠠᠭ ᠤᠯᠠᠷᠢᠯ — ᠬᠠᠪᠤᠷ᠂ ᠵᠤᠨ᠂ ᠨᠠᠮᠤᠷ᠂ ᠡᠪᠦᠯ ᠤᠨ ᠡᠬᠢ᠂ ᠡᠪᠦᠯ ᠤᠨ ᠠᠲᠠᠭ᠂ ᠲᠡᠭᠵᠢᠭᠡᠯ ᠤᠨ ᠴᠠᠭ | ⑤ ᠤᠷᠤᠨ ᠰᠠᠭᠤᠴᠠ — ᠬᠠᠭᠤᠷᠠᠢ ᠬᠠᠯᠠᠭᠤᠨ᠂ ᠨᠤᠶᠢᠲᠡᠨ ᠴᠢᠬᠢᠭᠲᠡᠢ᠂ ᠬᠠᠭᠤᠷᠠᠢ ᠨᠤᠶᠢᠲᠡᠨ ᠬᠠᠪᠰᠤᠷᠤᠭᠰᠠᠨ | ᠤᠷᠤᠨ | ⑥ ᠡᠪᠡᠳᠴᠢᠲᠡᠨ ᠤ ᠦᠪᠡᠷᠮᠢᠴᠡ ᠴᠢᠨᠠᠷ — ᠬᠡᠢ ᠶᠢᠨ ᠦᠪᠡᠷᠮᠢᠴᠡ ᠴᠢᠨᠠᠷ ᠲᠡᠶᠢᠯᠦᠩᠭᠦᠢ᠂ ᠰᠢᠷ᠎ᠠ ᠶᠢᠨ | ᠦᠪᠡᠷᠮᠢᠴᠡ ᠴᠢᠨᠠᠷ ᠲᠡᠶᠢᠯᠦᠩᠭᠦᠢ᠂ ᠪᠠᠳᠭᠠᠨ ᠤ ᠦᠪᠡᠷᠮᠢᠴᠡ ᠴᠢᠨᠠᠷ ᠲᠡᠶᠢᠯᠦᠩᠭᠦᠢ᠂ ᠬᠡᠢ ᠰᠢᠷ᠎ᠠ ᠬᠠᠪᠰᠤᠷᠤᠭᠰᠠᠨ | ᠴᠢᠨᠠᠷᠲᠠᠨ᠂ ᠪᠠᠳᠭᠠᠨ ᠬᠡᠢ ᠬᠠᠪᠰᠤᠷᠤᠭᠰᠠᠨ ᠴᠢᠨᠠᠷᠲᠠᠨ᠂ ᠪᠠᠳᠭᠠᠨ ᠰᠢᠷ᠎ᠠ ᠬᠠᠪᠰᠤᠷᠤᠭᠰᠠᠨ ᠴᠢᠨᠠᠷᠲᠠᠨ᠂ ᠬᠤᠷᠠᠮᠠᠯ | ᠤᠨ ᠴᠢᠨᠠᠷᠲᠡᠨ ᠵᠡᠷᠭᠡ 7 ᠲᠦᠷᠦᠯ ᠵᠤᠶᠢᠯ | ⑦ ᠨᠠᠰᠤ — ᠨᠢᠯᠬᠠᠰ ᠪᠠᠭᠠᠴᠤᠳ᠂ ᠢᠲᠡᠷ ᠵᠠᠯᠠᠭᠤᠴᠤᠳ᠂ ᠦᠲᠡᠯᠦᠭᠰᠡᠳ | ⑧ ᠠᠮᠢᠲᠤᠷᠠᠯ ᠤᠨ ᠲᠠᠳᠬᠠᠯ — ᠢᠲᠡᠭᠡᠨ ᠤᠮᠲᠠᠭᠠᠨ ᠪᠠ ᠪᠡᠶ᠎ᠡ ᠬᠡᠯᠡ ᠰᠡᠳᠬᠢᠯ ᠤᠨ ᠶᠠᠪᠤᠲᠠᠯ ᠮᠦᠷ᠂ ᠠᠭᠤᠷ | ᠠᠮᠢᠰᠬᠤᠯ᠂ ᠤᠷᠤᠨ ᠰᠠᠭᠤᠴᠠ | ⑨ ᠲᠠᠮᠢᠷ ᠲᠡᠩᠬᠡᠬᠡ — ᠬᠠᠮᠲᠤ ᠲᠦᠷᠦᠭᠰᠡᠨ ᠲᠠᠮᠢᠷ᠂ ᠴᠠᠭ ᠤᠯᠠᠷᠢᠯ ᠤᠨ ᠲᠠᠮᠢᠷ᠂ ᠵᠠᠰᠠᠵᠦ ᠤᠶᠢᠯᠡᠲᠦᠭᠰᠡᠨ ᠲᠠᠮᠢᠷ | ᠃ ᠬᠠᠮᠲᠤ ᠲᠦᠷᠦᠭᠰᠡᠨ ᠲᠠᠮᠢᠷ ᠭᠡᠲᠡᠭ ᠪᠣᠯ ᠡᠴᠢᠭᠡ ᠡᠬᠡ ᠠᠴᠠ ᠲᠦᠷᠦᠯᠬᠢ ᠶᠢᠨ ᠲᠠᠭᠠᠵᠤ ᠲᠦᠷᠦᠭᠰᠡᠨ ᠲᠠᠮᠢᠷ | ᠲᠡᠩᠭᠡᠭᠡ ᠶᠢ ᠵᠢᠭᠠᠵᠤ ᠪᠠᠶᠢᠨ᠎ᠠ᠂ ᠪᠠᠰᠠ ︽ᠲᠦᠷᠦᠯᠬᠢ ᠶᠢᠨ ᠲᠠᠮᠢᠷ︾ ᠭᠡᠲᠡᠭ᠃ ᠴᠠᠭ ᠤᠯᠠᠷᠢᠯ ᠤᠨ ᠲᠠᠮᠢᠷ ᠭᠡᠲᠡᠭ | ᠪᠣᠯ ᠠᠬᠤᠢ ᠶᠢᠷᠲᠢᠨᠴᠦ ᠶᠢᠨ ᠪᠠᠶᠢᠭᠠᠯᠢ ᠶᠢᠨ ᠴᠠᠭ ᠤᠯᠠᠷᠢᠯ ᠤᠨ ᠤᠯᠠᠷᠢᠬᠤ ᠬᠤᠪᠢᠷᠠᠯᠲᠠ ᠶᠢ ᠲᠠᠭᠠᠯᠲᠤᠨ ᠬᠦᠮᠦᠰ | ᠤᠨ ᠪᠡᠶ᠎ᠡ ᠮᠠᠬᠠᠪᠤᠳ ᠤᠨ ᠲᠠᠮᠢᠷ ᠲᠡᠩᠭᠡᠭᠡ ᠳᠤ ᠲᠤᠰᠬᠠᠭᠲᠠᠭᠰᠠᠨ ᠨᠦᠯᠦᠭᠡ ᠶᠢ ᠵᠢᠭᠠᠵᠤ ᠪᠤᠢ᠃ ᠵᠠᠰᠠᠵᠦ | ᠤᠶᠢᠯᠡᠲᠦᠭᠰᠡᠨ ᠲᠠᠮᠢᠷ ᠭᠡᠲᠡᠭ ᠪᠣᠯ ᠬᠦᠮᠦᠰ ᠡᠲᠦᠷ ᠲᠤᠲᠤᠮ ᠤᠨ ᠠᠮᠢᠲᠤᠷᠠᠯ ᠤᠨ ᠲᠤᠮᠲᠠ ᠪᠠᠨ ᠢᠲᠡᠭᠡᠨ | ᠤᠮᠲᠠᠭᠠᠨ ᠪᠠ ᠶᠠᠪᠤᠲᠠᠯ ᠮᠦᠷ ᠡᠮ ᠵᠠᠰᠠᠯ ᠤᠨ ᠠᠷᠭ᠎ᠠ ᠪᠠᠷ ᠪᠡᠶ᠎ᠡ ᠪᠠᠨ ᠲᠦᠯᠦᠵᠢᠭᠦᠯᠦᠨ ᠰᠢᠮᠡᠵᠢᠭᠦᠯᠵᠦ | ᠴᠢᠬᠢᠷᠠᠭᠵᠢᠭᠤᠯᠤᠭᠰᠠᠨ ᠲᠠᠮᠢᠷ ᠲᠡᠩᠭᠡᠭᠡ ᠶᠢ ᠵᠢᠭᠠᠨ᠎ᠠ᠃ | ⑩ ᠡᠪᠡᠳᠴᠢᠨ ᠤ ᠲᠤᠰᠤᠯᠲᠠ — ᠲᠦᠷᠭᠡᠨ᠂ ᠠᠯᠭᠤᠷ᠂ ᠬᠦᠨᠲᠦ᠂ ᠬᠦᠩᠭᠡᠨ᠃ | ᠶᠠᠮᠠᠷ ᠨᠢᠭᠡᠨ ᠡᠪᠡᠳᠴᠢᠨ ᠢ ᠤᠨᠤᠰᠢᠯᠠᠬᠤ ᠳᠤ᠂ ᠠᠷᠪᠠᠨ ᠠᠩᠬᠠᠷᠤᠯ ᠢᠶᠠᠷ ᠢᠯᠭᠠᠪᠤᠷᠢᠯᠠᠨ᠂ ᠠᠷᠪᠠᠨ ᠶᠡᠭᠡ | ᠪᠠᠷᠢᠮᠲᠠᠯᠠᠯ ᠢᠶᠠᠷ ᠦᠨᠲᠦᠰᠦᠯᠡᠯ ᠪᠤᠯᠭᠠᠨ ᠡᠪᠡᠳᠴᠢᠨ ᠤ ᠪᠤᠲᠠᠲᠤ ᠪᠠᠶᠢᠲᠠᠯ ᠳᠤ ᠪᠦᠬᠦ ᠲᠠᠯ᠎ᠠ ᠶᠢᠨ ᠬᠤᠪᠢᠰᠤᠩᠭᠤᠢ | ᠵᠠᠲᠠᠯᠤᠯᠲᠠ ᠬᠢᠵᠦ᠂ ᠦᠨᠲᠦᠰᠦᠨ ᠵᠢᠷᠭᠤᠭᠠᠨ ᠡᠪᠡᠳᠴᠢᠨ ᠤ ᠠᠯᠢ ᠨᠢ ᠲᠡᠶᠢᠯᠦᠩᠬᠦᠢ ᠪᠠᠶᠢᠷᠢ ᠶᠢ ᠡᠵᠡᠯᠡᠵᠦ ᠪᠠᠶᠢᠭ᠎ᠠ | ᠶᠢ ᠠᠩᠬ᠎ᠠ ᠠᠯᠬᠤᠮ ᠵᠦᠢᠴᠢᠯᠡᠨ ᠮᠠᠭᠠᠳᠯᠠᠭᠰᠠᠨ ᠤ ᠲᠠᠷᠠᠭ᠎ᠠ᠂ ᠮᠥᠨ ᠴᠢᠨᠠᠷ ᠢ ᠨᠢ ᠬᠠᠯᠠᠭᠤᠨ ᠬᠦᠢᠲᠡᠨ ᠬᠤᠶᠠᠷ | ᠲᠤ ᠬᠤᠷᠢᠶᠠᠩᠭᠤᠶᠢᠯᠠᠨ ᠰᠢᠨᠵᠢᠯᠡᠬᠦ ᠪᠤᠯᠤᠨ᠎ᠠ᠃ |