ᠮᠤᠩᠭᠤᠯ ᠡᠮ ᠤᠨ ᠦᠨᠳᠦᠰᠦᠨ ᠤᠨᠤᠯ | | ᠨ᠊ᠵᠬᠡᠳᠦᠭᠡᠷ ᠪᠦᠯᠦᠭ ᠡᠮ ᠤᠨ ᠠᠮᠳᠠ | ᠠᠮᠳᠠ ᠶᠢᠨ ᠢᠯᠭᠠᠯ | ᠳ᠋ᠠᠩ ᠠᠮᠳᠠ᠄ ᠠᠮᠳᠠᠯᠢᠭ᠂ ᠢᠰᠬᠦᠯᠡᠩ᠂ ᠭᠤᠱᠤᠭᠤᠨ᠂ ᠳᠠᠪᠤᠰᠤᠯᠢᠭ᠂ ᠭᠠᠰᠢᠭᠤᠨ᠂ ᠡᠬᠡᠬᠦᠨ ᠵᠡᠷᠬᠡ 6 | ᠵᠦᠢᠯ ᠪᠤᠢ᠃ | ᠬᠠᠪᠰᠤᠷᠤᠭᠰᠠᠨ ᠠᠮᠳᠠ᠄ ᠬᠤᠶᠠᠷ ᠠᠮᠳᠠ ᠬᠠᠪᠰᠤᠷᠤᠭᠰᠠᠨ 15 ᠵᠦᠢᠯ᠂ ᠭᠤᠷᠪᠠᠨ ᠠᠮᠳᠠ ᠬᠠᠪᠰᠤᠷᠤᠭᠰᠠᠨ | 20 ᠵᠦᠢᠯ᠂ ᠲᠦᠷᠪᠡᠨ ᠠᠮᠳᠠ ᠬᠠᠪᠰᠤᠷᠤᠭᠰᠠᠨ 15 ᠵᠦᠢᠯ᠂ ᠲᠠᠪᠤᠨ ᠠᠮᠳᠠ ᠬᠠᠪᠰᠤᠷᠤᠭᠰᠠᠨ 6 ᠵᠦᠢᠯ᠂ | ᠵᠢᠷᠭᠤᠭᠠᠨ ᠠᠮᠳᠠ ᠬᠠᠪᠰᠤᠷᠤᠭᠰᠠᠨ 1 ᠵᠦᠢᠯ ᠪᠤᠢ᠃ ᠡᠳᠡᠭᠡᠷ ᠢ ᠴᠢᠨᠠᠭᠰᠢ ᠨᠠᠷᠢᠨ ᠢᠯᠭᠠᠪᠠᠯ 46656 ᠵᠦᠢᠯ | ᠤᠨ ᠬᠠᠪᠰᠤᠷᠤᠭᠰᠠᠨ ᠠᠮᠳᠠ ᠪᠤᠯᠳᠠᠭ ᠬᠡᠵᠦ ᠡᠷᠳᠡᠨ ᠤ ᠰᠤᠳᠤᠷ ᠳᠤ ᠲᠡᠮᠳᠡᠭᠯᠡᠭᠰᠡᠨ ᠪᠠᠶᠢᠳᠠᠭ᠃ | ᠠᠮᠳᠠ ᠶᠢᠨ ᠡᠬᠦᠰᠦᠯ ᠡᠮᠳᠦ ᠪᠤᠳᠠᠰ ᠲᠤ ᠠᠮᠳᠠ ᠶᠢᠨ ᠲᠦᠰᠢᠭ ᠪᠤᠯᠤᠭᠰᠠᠨ ᠰᠢᠷᠦᠢ ᠤᠰᠤ ᠭᠠᠯ ᠬᠡᠢ | ᠤᠭᠳᠠᠷᠭᠤᠢ ᠵᠡᠷᠬᠡ ᠲᠠᠪᠤᠨ ᠮᠠᠭᠪᠤᠳ ᠬᠤᠷᠠᠮᠠᠨᠵᠢᠨ ᠰᠠᠶ᠋ᠢ ᠠᠮᠳᠠ ᠪᠦᠷᠢᠯᠳᠦᠳᠡᠭ᠃ ᠬᠡᠬᠦ ᠳᠡᠭᠡᠨ ᠲᠠᠪᠤᠨ ᠮᠠᠭᠪᠤᠳ | ᠠᠴᠠ ᠤᠭᠳᠠᠷᠭᠤᠢ ᠮᠠᠭᠪᠤᠳ ᠭᠤᠤᠯᠯᠠᠳᠠᠭ ᠦᠬᠡᠢ᠂ ᠨᠦᠬᠦᠬᠡ ᠲᠦᠷᠪᠡᠨ ᠮᠠᠭᠪᠤᠳ ᠠᠴᠠ ᠢᠵᠢᠯ ᠪᠤᠰᠤ ᠬᠤᠶᠠᠷ | ᠮᠠᠭᠪᠤᠳ ᠬᠤᠤᠰᠯᠠᠨ ᠨᠡᠶᠢᠯᠡᠵᠦ ᠭᠤᠤᠯᠯᠠᠪᠠᠯ ᠢᠬᠡ ᠵᠦᠢᠯ ᠤᠨ ᠠᠮᠳᠠ ᠡᠬᠦᠰᠳᠡᠭ᠃ | ᠠᠮᠳᠠᠯᠢᠭ ᠠᠮᠳᠠ — ᠤᠰᠤ ᠰᠢᠷᠦᠢ︔ ᠢᠰᠬᠦᠯᠡᠩ ᠠᠮᠳᠠ — ᠭᠠᠯ ᠰᠢᠷᠦᠢ︔ ᠲᠠᠪᠤᠰᠤᠯᠢᠭ ᠠᠮᠳᠠ — | ᠤᠰᠤ ᠭᠠᠯ︔ ᠭᠠᠰᠢᠭᠤᠨ ᠠᠮᠳᠠ — ᠤᠰᠤ ᠬᠡᠢ︔ ᠭᠤᠱᠤᠭᠤᠨ ᠠᠮᠳᠠ — ᠭᠠᠯ ᠬᠡᠢ︔ ᠡᠬᠡᠬᠦᠨ ᠠᠮᠳᠠ — | ᠰᠢᠷᠦᠢ ᠬᠡᠢ᠃ | ᠠᠮᠳᠠ ᠶᠢᠨ ᠦᠢᠯᠡᠳᠦᠯ ᠠᠮᠳᠠ ᠶᠢᠨ ᠦᠢᠯᠡᠳᠦᠯ ᠬᠡᠳᠡᠭ ᠪᠤᠯ ᠬᠡᠢ ᠰᠢᠷ᠎ᠠ ᠪᠠᠳᠭᠠᠨ ᠢ ᠲᠠᠷᠤᠬᠤ ᠪᠠ | ᠡᠭᠦᠰᠬᠡᠬᠦ ᠲᠠᠯ᠎ᠠ ᠶᠢ ᠬᠡᠯᠡᠵᠦ ᠪᠠᠶᠢᠨ᠎ᠠ᠃ | ᠬᠡᠢ ᠶᠢ ᠲᠠᠷᠤᠬᠤ ᠠᠮᠳᠠ᠄ ᠠᠮᠳᠠᠯᠢᠭ᠂ ᠢᠰᠬᠦᠯᠡᠩ᠂ ᠳᠠᠪᠤᠰᠤᠯᠢᠭ᠂ ᠭᠤᠱᠤᠭᠤᠨ | ᠰᠢᠷ᠎ᠠ ᠶᠢ ᠲᠠᠷᠤᠬᠤ ᠠᠮᠳᠠ᠄ ᠠᠮᠳᠠᠯᠢᠭ᠂ ᠭᠠᠰᠢᠭᠤᠨ᠂ ᠡᠬᠡᠬᠦᠨ | ᠪᠠᠳᠭᠠᠨ ᠢ ᠳᠠᠷᠤᠬᠤ ᠠᠮᠳᠠ᠄ ᠢᠰᠬᠦᠯᠡᠩ᠂ ᠳᠠᠪᠤᠰᠤᠯᠢᠭ᠂ ᠭᠤᠱᠤᠭᠤᠨ | ᠬᠡᠢ ᠶᠢ ᠡᠬᠦᠰᠬᠡᠬᠦ ᠠᠮᠳᠠ᠄ ᠭᠠᠰᠢᠭᠤᠨ᠂ ᠡᠬᠡᠬᠦᠨ | ᠰᠢᠷ᠎ᠠ ᠶᠢ ᠡᠬᠦᠰᠬᠡᠬᠦ ᠠᠮᠳᠠ᠄ ᠢᠰᠬᠦᠯᠡᠩ᠂ ᠳᠠᠪᠤᠰᠤᠯᠢᠭ᠂ ᠭᠤᠱᠤᠭᠤᠨ | ᠪᠠᠳᠭᠠᠨ ᠢ ᠡᠬᠦᠰᠬᠡᠬᠦ ᠠᠮᠳᠠ᠄ ᠠᠮᠳᠠᠯᠢᠭ᠂ ᠭᠠᠰᠢᠭᠤᠨ᠂ ᠡᠬᠡᠬᠦᠨ | ᠬᠡᠳᠦᠢ ᠲᠡᠶᠢᠮᠦ ᠪᠤᠯᠪᠠᠴᠦ ᠠᠮᠳᠦ ᠪᠤᠳᠠᠰ ᠲᠤ ᠠᠮᠳᠠ ᠶᠢᠨ ᠴᠢᠳᠠᠯ ᠠᠴᠠ ᠭᠠᠳᠠᠨ᠎ᠠ ᠪᠠᠰᠠ ᠮᠦᠨ ᠴᠢᠨᠠᠷ ᠤᠨ | ᠴᠢᠳᠠᠯ ᠬᠡᠵᠦ ᠪᠠᠶᠢᠳᠠᠭ ᠪᠤᠯᠬᠤᠷ᠂ ᠡᠮᠳᠦ ᠪᠤᠳᠠᠰ ᠪᠦᠬᠦᠨ ᠵᠠᠪᠠᠯ ᠲᠡᠬᠡᠷᠡᠬᠢ ᠮᠡᠳᠦ ᠪᠠᠶᠢᠬᠤ ᠠᠯᠪᠠ ᠦᠬᠡᠢ᠃ | ᠵᠢᠱᠢᠶᠡᠯᠡᠪᠡᠯ ᠠᠮᠳᠠᠯᠢᠭ ᠠᠮᠳᠠ ᠲᠠᠢ ᠡᠮ ᠤᠯᠠᠩᠬᠢ ᠨᠢ ᠬᠡᠢ ᠰᠢᠷ᠎ᠠ ᠶᠢ ᠳᠠᠷᠤᠵᠦ᠂ ᠪᠠᠳᠭᠠᠨ ᠢ ᠡᠬᠦᠰᠬᠡᠬᠦ ᠪᠤᠯᠪᠠᠴᠦ᠂ | ᠪᠤᠬ᠎ᠠ ᠬᠦᠷᠦᠬᠡᠰᠦᠨ ᠮᠢᠬ᠎ᠠ᠂ ᠬᠤᠨᠢᠨ ᠮᠢᠬ᠎ᠠ᠂ ᠪᠠᠯ ᠵᠡᠷᠬᠡ ᠨᠢ ᠠᠮᠳᠠᠯᠢᠭ ᠠᠮᠳᠠ ᠲᠠᠢ ᠪᠤᠯᠪᠠᠴᠦ᠂ ᠲᠡᠬᠦᠨ ᠤ | ᠦᠪᠡᠷᠮᠢᠴᠡ ᠴᠢᠳᠠᠯ ᠪᠠᠷ ᠢᠶᠠᠨ ᠬᠠᠷᠢᠨ ᠪᠠᠳᠭᠠᠨ ᠡᠪᠡᠳᠴᠢᠨ ᠳᠤ ᠲᠤᠰᠠᠳᠠᠢ ᠬᠡᠬᠦ ᠵᠡᠷᠬᠡ᠃ | ᠬᠤᠶᠠᠳᠤᠭᠠᠷ ᠪᠦᠯᠦᠭ ᠡᠮ ᠤᠨ ᠴᠢᠳᠠᠯ | ᠡᠮ ᠤᠨ ᠴᠢᠳᠠᠯ ᠳᠤ ᠠᠮᠳᠠ ᠶᠢᠨ ᠴᠢᠳᠠᠯ ᠪᠠ ᠮᠦᠨ ᠴᠢᠨᠠᠷ ᠤᠨ ᠴᠢᠳᠠᠯ ᠪᠠᠭᠳᠠᠨ᠎ᠠ᠃ | ᠡᠮ ᠤᠨ ᠠᠮᠳᠠ ᠶᠢᠨ ᠴᠢᠳᠠᠯ | ᠡᠨᠡ ᠨᠢ ᠬᠡᠢ᠂ ᠰᠢᠷ᠎ᠠ᠂ ᠪᠠᠳᠭᠠᠨ ᠢ ᠨᠡᠮᠡᠭᠳᠡᠬᠦᠯᠵᠦ ᠬᠠᠰᠤᠭᠳᠠᠭᠤᠯᠬᠤ ᠭᠤᠤᠯ ᠪᠤᠯᠬᠤ ᠪᠡᠯᠬᠡ ᠴᠢᠨᠠᠷ ᠤᠨ | ᠪᠦᠷᠢᠯᠳᠦᠬᠦᠨ ᠢ ᠳᠠᠷᠤᠬᠤ ᠳᠤ ᠪᠡᠶ᠎ᠡ ᠪᠠᠨ ᠲᠠᠭᠠᠭᠠᠵᠦ ᠲᠠᠪᠠᠮᠠᠭᠠᠢ ᠦᠢᠯᠡᠳᠦᠯ ᠦᠵᠡᠬᠦᠯᠵᠦ ᠴᠢᠳᠠᠬᠤ ᠠᠮᠳᠠ ᠶᠢᠨ | ᠡᠷᠬᠡ ᠪᠠᠷ ᠢᠯᠡᠷᠡᠳᠡᠭ ᠴᠢᠳᠠᠯ ᠢ ᠬᠡᠯᠡᠨ᠎ᠡ᠃ ᠡᠮ ᠤᠨ ᠠᠮᠳᠠ ᠶᠢᠨ ᠴᠢᠳᠠᠯ ᠪᠤᠯ ᠡᠮ ᠤᠨ ᠡᠷᠳᠡᠮ ᠤᠳ ᠤᠨ | ᠲᠤᠳᠤᠷ᠎ᠠ ᠠᠴᠠ ᠰᠤᠳᠤ ᠶᠢ ᠨᠢ ᠰᠤᠩᠭᠤᠭᠰᠠᠨ ᠶᠣᠮ᠃ ᠴᠢᠳᠠᠯ ᠬᠡᠵᠦ ᠨᠡᠷᠡᠯᠡᠭᠳᠡᠭᠰᠡᠨ ᠤ ᠤᠴᠢᠷ ᠬᠡᠪᠡᠯ ᠡᠨᠡᠬᠦ | ᠨᠠᠶᠢᠮᠨ ᠪᠤᠯ ᠪᠤᠰᠤᠳ ᠡᠮ ᠤᠨ ᠡᠷᠳᠡᠮ ᠲᠠᠢ ᠠᠳᠠᠯᠢ ᠦᠬᠡᠢ ᠪᠠᠷ ᠪᠡᠶ᠎ᠡ ᠪᠠᠨ ᠲᠠᠭᠠᠭᠠᠵᠦ ᠲᠠᠪᠠᠮᠠᠭᠠᠢ ᠦᠢᠯᠡᠳᠦᠯ | ᠦᠵᠡᠬᠦᠯᠵᠦ ᠴᠢᠳᠠᠬᠤ ᠲᠤᠯᠨ ᠡᠶᠢᠨ ᠬᠦ ᠨᠡᠷᠡᠶᠢᠳᠦᠭᠰᠡᠨ ᠶᠤᠮ᠃ | ᠢᠯᠭᠠᠯ᠄ ᠬᠦᠨᠳᠦ᠂ ᠲᠤᠰᠤᠯᠢᠭ᠂ ᠬᠦᠢᠳᠡᠨ᠂ ᠮᠤᠬᠤᠳᠠᠭ᠂ ᠬᠦᠩᠬᠡᠨ᠂ ᠰᠢᠷᠦᠬᠦᠨ᠂ ᠬᠠᠯᠠᠭᠤᠨ᠂ ᠬᠤᠷᠴᠠ | ᠵᠡᠷᠬᠡ ᠨᠠᠶᠢᠮᠨ ᠪᠤᠢ ᠪᠦᠬᠡᠳ ᠪᠠᠰᠠ ᠨᠠᠶᠢᠮᠠᠨ ᠴᠢᠨᠠᠷ ᠬᠡᠳᠡᠭ᠃ | ᠦᠢᠯᠡᠳᠦᠯ᠄ ᠬᠦᠨᠳᠦ ᠲᠤᠰᠤᠯᠢᠭ ᠨᠢ ᠬᠡᠢ ᠶᠢ ᠳᠠᠷᠤᠬᠤ︔ ᠬᠦᠢᠳᠡᠨ ᠮᠤᠬᠤᠳᠠᠭ ᠨᠢ ᠰᠢᠷ᠎ᠠ ᠶᠢ ᠳᠠᠷᠤᠬᠤ︔ | ᠬᠦᠩᠬᠡᠨ᠂ ᠰᠢᠷᠦᠬᠦᠨ᠂ ᠬᠠᠯᠠᠭᠤᠨ᠂ ᠬᠤᠷᠴᠠ ᠨᠢ ᠪᠠᠳᠭᠠᠨ ᠢ ᠳᠠᠷᠤᠬᠤ ᠪᠤᠯᠤᠨ᠎ᠠ᠃ ᠬᠦᠩᠬᠡᠨ᠂ ᠰᠢᠷᠦᠬᠦᠨ᠂ | ᠬᠦᠢᠳᠡᠨ ᠨᠢ ᠬᠡᠢ ᠶᠢ ᠡᠬᠦᠰᠬᠡᠬᠦ︔ ᠬᠠᠯᠠᠭᠤᠨ᠂ ᠬᠤᠷᠴᠠ᠂ ᠲᠤᠰᠤᠯᠢᠭ ᠨᠢ ᠰᠢᠷ᠎ᠠ ᠶᠢ ᠡᠬᠦᠰᠬᠡᠬᠦ︔ ᠬᠦᠢᠳᠡᠨ᠂ | ᠮᠤᠬᠤᠳᠠᠭ ᠨᠢ ᠪᠠᠳᠭᠠᠨ ᠢ ᠡᠬᠦᠰᠬᠡᠬᠦ ᠪᠤᠯᠤᠨ᠎ᠠ᠃ | ᠵᠢᠷᠭᠤᠭᠠᠨ ᠠᠮᠳᠠ ᠳᠤ ᠨᠠᠶᠢᠮᠠᠨ ᠴᠢᠳᠠᠯ ᠤᠨ ᠠᠭᠤᠯᠤᠭᠳᠠᠬᠤ ᠬᠡᠮᠵᠢᠶ᠎ᠡ ᠶᠢ ᠦᠵᠡᠬᠦᠯᠪᠡᠯ᠄ | ᠠᠮᠳᠠᠯᠢᠭ ᠠᠮᠳᠠ— ᠬᠦᠨᠳᠦ 10 ᠬᠤᠪᠢ᠂ ᠲᠤᠰᠤᠯᠢᠭ 4 ᠬᠤᠪᠢ᠂ ᠬᠦᠢᠳᠡᠨ 5 ᠬᠤᠪᠢ᠂ ᠮᠤᠬᠤᠳᠠᠭ | 7 ᠬᠤᠪᠢ | ᠢᠰᠬᠦᠯᠡᠩ ᠠᠮᠳᠠ— ᠬᠠᠯᠠᠭᠤᠨ 7 ᠬᠤᠪᠢ᠂ ᠲᠤᠰᠤᠯᠢᠭ 4 ᠬᠤᠪᠢ᠂ ᠬᠦᠨᠳᠦ 3 ᠬᠤᠪᠢ᠂ ᠬᠤᠷᠴᠠ | 2 ᠬᠤᠪᠢ᠂ ᠰᠢᠷᠦᠬᠦᠨ 1 ᠬᠤᠪᠢ | ᠲᠠᠪᠤᠰᠤᠯᠢᠭ ᠠᠮᠳᠠ— ᠰᠢᠷᠦᠬᠦᠨ 4 ᠬᠤᠪᠢ᠂ ᠲᠤᠰᠤᠯᠢᠭ 4 ᠬᠤᠪᠢ᠂ ᠬᠤᠷᠴᠠ 3 ᠬᠤᠪᠢ᠂ | ᠬᠠᠯᠠᠭᠤᠨ 2 ᠬᠤᠪᠢ᠂ ᠬᠦᠨᠳᠦ 1 ᠬᠤᠪᠢ | ᠭᠠᠰᠢᠭᠤᠨ ᠠᠮᠳᠠ— ᠬᠦᠢᠳᠡᠨ 7 ᠬᠤᠪᠢ᠂ ᠮᠣᠬᠤᠳᠠᠭ 3 ᠬᠤᠪᠢ᠂ ᠰᠢᠷᠦᠬᠦᠨ 3 ᠬᠤᠪᠢ᠂ ᠬᠦᠩᠬᠡᠨ | 2 ᠬᠤᠪᠢ | ᠭᠤᠱᠣᠭᠤᠨ ᠠᠮᠳᠠ— ᠬᠦᠩᠬᠡᠨ 9 ᠬᠤᠪᠢ᠂ ᠰᠢᠷᠦᠬᠦᠨ 7 ᠬᠤᠪᠢ᠂ ᠬᠤᠷᠴᠠ 6 ᠬᠤᠪᠢ᠂ ᠬᠠᠯᠠᠭᠤᠨ | 5 ᠬᠤᠪᠢ | ᠡᠬᠡᠬᠦᠨ ᠠᠮᠳᠠ— ᠮᠤᠬᠤᠳᠠᠭ 4 ᠬᠤᠪᠢ᠂ ᠬᠦᠩᠬᠡᠨ 2 ᠬᠤᠪᠢ | ᠡᠮ ᠤᠨ ᠮᠦᠨ ᠴᠢᠨᠠᠷ ᠤᠨ ᠴᠢᠳᠠᠯ | ᠡᠮ ᠤᠨ ︽ᠮᠦᠨ ᠴᠢᠨᠠᠷ︾ ᠭᠡᠳᠡᠭ ᠨᠢ ᠲᠡᠭᠦᠨ ᠤ ᠦᠢᠯᠡᠳᠦᠯ ᠦᠵᠡᠬᠦᠯᠵᠦ ᠪᠠᠶᠢᠭ᠎ᠠ ᠢᠯᠡᠷᠡᠯ ᠪᠤᠯᠤᠨ | ᠤᠤᠯ ᠠᠴᠠ ᠪᠠᠨ ᠲᠡᠬᠦᠨ ᠳᠤ ᠤᠷᠤᠰᠢᠵᠦ ᠪᠠᠶᠢᠭᠰᠠᠨ ᠲᠤᠳᠤᠭᠠᠳᠦ ᠴᠢᠨᠠᠷ ᠢ ᠬᠡᠯᠡᠳᠡᠭ᠃ ᠮᠥᠨ ᠴᠢᠨᠠᠷ ᠤᠨ ᠴᠢᠳᠠᠯ | ᠪᠤᠯ ᠲᠡᠬᠦᠨ ᠤ ᠠᠮᠳᠠ ᠶᠢᠨ ᠡᠷᠬᠡ ᠪᠠᠷ ᠢᠯᠡᠷᠡᠳᠡᠭ ᠪᠢᠰᠢ᠂ ᠬᠠᠷᠢᠨ ᠮᠦᠨ ᠴᠢᠨᠠᠷ ᠠᠴᠠ ᠪᠠᠨ ᠪᠤᠯᠤᠭᠰᠠᠨ | ᠦᠪᠡᠷᠮᠢᠴᠡ ᠴᠢᠳᠠᠯ ᠢ ᠬᠡᠯᠡᠨ᠎ᠡ᠃ ᠵᠢᠱᠢᠶ᠎ᠡ ᠨᠢ ᠵᠦᠷᠦᠷ᠎ᠡ ᠪᠤᠯ ᠢᠰᠬᠦᠯᠡᠩ ᠠᠮᠳᠠ ᠲᠠᠢ ᠪᠤᠯᠪᠠᠴᠦ ᠴᠢᠰᠦᠨ | ᠬᠠᠯᠠᠭᠤᠨ ᠢ ᠠᠷᠢᠯᠭᠠᠬᠤ᠂ ᠵᠤᠩᠱᠢ ᠪᠤᠯ ᠭᠤᠱᠣᠭᠤᠨ ᠠᠮᠳᠠ ᠲᠠᠢ ᠪᠤᠯᠪᠠᠴᠦ ᠪᠠᠳᠭᠠᠨ ᠬᠠᠯᠠᠭᠤᠨ ᠢ ᠠᠷᠢᠯᠭᠠᠬᠤ | ᠵᠡᠷᠬᠡ ᠨᠢ ᠲᠡᠬᠦᠨ ᠤ ᠮᠦᠨ ᠴᠢᠨᠠᠷ ᠤᠨ ᠴᠢᠳᠠᠯ ᠠᠴᠠ ᠪᠤᠯᠤᠭᠰᠠᠨ ᠶᠤᠮ᠃ | ᠭᠤᠷᠪᠠᠳᠤᠭᠠᠷ ᠪᠦᠯᠦᠭ ᠡᠮ ᠤᠨ ᠬᠦᠴᠦ | ᠡᠮ ᠤᠨ ᠬᠦᠴᠦ ᠭᠡᠳᠡᠭ ᠪᠤᠯ ᠴᠢᠳᠠᠯ ᠤᠨ ᠰᠢᠮ᠎ᠡ ᠪᠤᠯᠤᠭᠰᠠᠨ ᠢᠳᠡ ᠠᠴᠠ ᠢᠯᠭᠠᠷᠠᠨ ᠭᠠᠷᠤᠭᠰᠠᠨ ᠬᠦᠴᠦ | ᠶᠢ ᠬᠡᠯᠡᠨ᠎ᠡ᠃ ᠮᠦᠨ ᠴᠤ ᠬᠠᠯᠠᠭᠤᠨ ᠪᠠ ᠬᠦᠢᠳᠡᠨ ᠡᠮ ᠳᠤ ᠤᠨᠴᠠ ᠬᠦᠴᠦᠨ ᠪᠦᠷᠢᠳᠬᠦ ᠶᠢ ᠬᠡᠯᠡᠨ᠎ᠡ᠃ | ᠬᠠᠯᠠᠭᠤᠨ ᠤ ᠬᠦᠴᠦ ᠲᠠᠢ ᠡᠮ᠄ ᠬᠠᠯᠠᠭᠤᠨ ᠴᠢᠨᠠᠷ ᠲᠠᠢ ᠡᠮᠳᠦ ᠤᠷᠭᠤᠮᠠᠯ ᠨᠢ ᠬᠠᠯᠠᠭᠤᠨ ᠤᠷᠤᠨ ᠪᠠ | ᠨᠡᠷᠡᠨ ᠡᠭᠡᠪᠦᠷ ᠮᠡᠳᠦ ᠶᠢᠨ ᠤᠷᠭᠤᠪᠠᠰᠦ ᠵᠤᠬᠢᠬᠤ ᠭᠠᠵᠠᠷ ᠲᠠᠭᠠᠨ ᠤᠷᠭᠤᠵᠦ᠂ ᠨᠠᠷᠠᠨ ᠤ ᠬᠦᠴᠦᠨ ᠲᠡᠭᠦᠯᠳᠡᠷ | ᠲᠤᠰᠤᠭᠰᠠᠨ ᠪᠠᠶᠢᠪᠠᠯ᠂ ᠠᠷᠭ᠎ᠠ ᠶᠢᠨ ᠬᠦᠴᠦᠨ ᠲᠡᠭᠦᠯᠳᠡᠷ ᠪᠤᠯᠬᠤ ᠪᠦᠬᠡᠳ ᠲᠡᠬᠦᠵᠦ ᠠᠪᠤᠭᠰᠠᠨ ᠬᠤᠶᠢᠨ᠎ᠠ ᠭᠠᠯ | ᠨᠠᠷᠠᠨ ᠳᠤ ᠶᠤᠰᠤᠴᠢᠯᠠᠨ ᠬᠠᠳᠠᠭᠠᠪᠠᠯ ᠬᠠᠯᠠᠭᠤᠨ ᠤ ᠬᠦᠴᠦ ᠪᠦᠷᠢᠳᠦᠨ᠎ᠡ᠃ ᠶᠡᠷᠦᠩᠬᠡᠢ ᠳᠡᠭᠡᠨ ᠢᠳᠡᠭᠡᠨ ᠢ ᠲᠦᠷᠬᠡᠨ | ᠰᠢᠩᠬᠡᠬᠡᠵᠦ᠂ ᠬᠡᠢ ᠶᠢ ᠲᠠᠷᠤᠬᠤ᠂ ᠪᠠᠳᠭᠠᠨ ᠢ ᠠᠷᠢᠯᠭᠠᠬᠤ ᠴᠢᠳᠠᠯ ᠲᠠᠢ᠃ ᠬᠡᠳᠦᠷᠬᠡᠢ ᠬᠡᠷᠡᠭᠯᠡᠪᠡᠯ ᠲᠤᠯᠤᠭᠠᠢ ᠡᠷᠬᠢᠬᠦ | ᠂ ᠡᠪᠡᠳᠬᠦ᠂ ᠠᠯᠵᠢᠶᠠᠬᠤ᠂ ᠵᠦᠳᠡᠷᠡᠬᠦ᠂ ᠬᠦᠯᠦᠷᠡᠬᠦ᠂ ᠬᠠᠯᠠᠭᠤᠷᠠᠬᠤ᠂ ᠤᠮᠳᠠᠭᠠᠰᠬᠤ ᠵᠡᠷᠬᠡ ᠪᠠᠶᠢᠳᠠᠯ ᠭᠠᠷᠤᠨ᠎ᠠ᠃ | ᠬᠦᠢᠳᠡᠨ ᠤ ᠬᠦᠴᠦ ᠲᠠᠢ ᠡᠮ᠄ ᠬᠦᠢᠳᠡᠨ ᠴᠢᠨᠠᠷ ᠲᠠᠢ ᠡᠮᠳᠦ ᠤᠷᠭᠤᠮᠠᠯ ᠨᠢ ᠰᠡᠷᠢᠬᠦᠨ ᠤᠷᠤᠨ ᠪᠠ | ᠰᠡᠷᠢᠬᠦᠨ ᠰᠡᠬᠦᠳᠡᠷ ᠮᠡᠳᠦ ᠶᠢᠨ ᠤᠷᠭᠤᠪᠠᠰᠦ ᠵᠤᠬᠢᠬᠤ ᠭᠠᠵᠠᠷ ᠲᠠᠭᠠᠨ ᠤᠷᠭᠤᠵᠦ᠂ ᠰᠠᠷᠠᠨ ᠤ ᠬᠦᠴᠦᠨ ᠲᠡᠭᠦᠯᠳᠡᠷ | ᠲᠤᠰᠤᠭᠰᠠᠨ ᠪᠠᠶᠢᠪᠠᠯ᠂ ᠪᠢᠯᠢᠭ ᠤᠨ ᠬᠦᠴᠦᠨ ᠲᠡᠬᠦᠯᠳᠡᠷ ᠪᠤᠯᠬᠤ ᠪᠦᠬᠡᠳ ᠲᠡᠬᠦᠵᠦ ᠠᠪᠤᠭᠰᠠᠨ ᠬᠤᠶᠢᠨ᠎ᠠ ᠰᠡᠷᠢᠬᠦᠨ | ᠰᠡᠬᠦᠳᠡᠷ ᠭᠠᠵᠠᠷ ᠬᠠᠳᠠᠭᠠᠭᠰᠠᠨ ᠪᠠᠶᠢᠪᠠᠯ ᠬᠦᠢᠳᠡᠨ ᠤ ᠬᠦᠴᠦ ᠪᠦᠷᠢᠳᠦᠨ᠎ᠡ᠃ ᠶᠡᠷᠦᠩᠬᠡᠢ ᠳᠡᠭᠡᠨ | ᠲᠠᠶᠢᠳᠬᠤᠷᠠᠭᠤᠯᠬᠤ᠂ ᠰᠢᠮᠡᠵᠢᠬᠦᠯᠬᠦ᠂ ᠰᠦᠷ ᠬᠦᠴᠦᠨ ᠢ ᠨᠡᠮᠡᠭᠳᠡᠭᠦᠯᠬᠦ᠂ ᠴᠢᠰᠦ ᠶᠢ ᠲᠤᠩᠭᠠᠯᠠᠭᠰᠢᠭᠤᠯᠬᠤ᠂ ᠮᠠᠭᠤ | ᠴᠢᠰᠦ ᠪᠤᠯᠤᠨ ᠰᠢᠷ᠎ᠠ ᠶᠢᠨ ᠡᠪᠡᠳᠴᠢᠨ ᠤ ᠬᠡᠮ ᠵᠡᠷᠬᠡ ᠶᠢ ᠠᠷᠢᠯᠭᠠᠬᠤ ᠴᠢᠳᠠᠯ ᠲᠠᠢ᠃ ᠬᠡᠪᠡᠴᠦ ᠬᠡᠳᠦᠷᠬᠡᠢ | ᠬᠡᠷᠡᠭᠯᠡᠪᠡᠯ ᠪᠡᠶ᠎ᠡ ᠬᠦᠰᠢᠬᠦ᠂ ᠴᠠᠷᠴᠠᠬᠤ᠂ ᠬᠤᠳᠤᠭᠤᠳᠤᠨ ᠰᠢᠩᠬᠡᠬᠡᠯᠳᠡ ᠮᠠᠭᠤᠳᠠᠬᠤ ᠮᠡᠳᠦ ᠶᠢᠨ ᠬᠡᠮ ᠡᠬᠦᠰᠬᠡᠨ᠎ᠡ᠃ | ᠲᠦᠷᠪᠡᠳᠦᠬᠡᠷ ᠪᠦᠯᠦᠭ ᠡᠮ ᠤᠨ ᠡᠷᠳᠡᠮ | ᠡᠮ ᠤᠨ ᠡᠷᠳᠡᠮ ᠬᠡᠳᠡᠭ ᠨᠢ ᠬᠡᠢ᠂ ᠰᠢᠷ᠎ᠠ᠂ ᠪᠠᠳᠭᠠᠨ ᠤ ᠪᠡᠯᠬᠡ ᠴᠢᠨᠠᠷ ᠤᠨ ᠬᠤᠷᠢᠨ ᠵᠦᠢᠯ ᠤᠨ | ᠪᠦᠷᠢᠯᠳᠦᠬᠦᠨ ᠢ ᠲᠠᠷᠤᠬᠤ ᠳᠤ ᠰᠢᠭᠤᠳ ᠴᠢᠭᠯᠡᠭᠳᠡᠭᠰᠡᠨ ᠶᠡᠷᠦᠨᠳᠡᠭ ᠤᠳ ᠢ ᠬᠡᠯᠡᠨ᠎ᠡ᠃ ᠡᠮ ᠤᠨ ᠡᠷᠳᠡᠮ ᠤᠳ ᠨᠢ | ᠡᠮ ᠤᠨ ᠠᠮᠳᠠ ᠶᠢᠨ ᠡᠷᠳᠡᠮ ᠪᠤᠯᠬᠤ ᠪᠦᠬᠡᠳ ᠡᠮ ᠤᠨ ᠠᠮᠳᠠ ᠶᠢᠨ ᠡᠷᠳᠡᠮ ᠨᠢ ᠮᠠᠭᠪᠤᠳ ᠤᠳ ᠠᠴᠠ | ᠡᠬᠦᠰᠦᠭᠰᠡᠨ ᠶᠤᠮ᠃ | ᠠᠷᠪᠠᠨ ᠲᠤᠯᠤᠭᠠᠨ ᠡᠷᠳᠡᠮ᠄ ᠵᠦᠬᠡᠯᠡᠨ᠂ ᠬᠦᠨᠳᠦ᠂ ᠲᠤᠰᠤᠯᠢᠭ᠂ ᠪᠦᠯᠢᠶᠡᠨ᠂ ᠪᠠᠳᠤᠯᠢᠭ᠂ ᠰᠡᠷᠢᠬᠦᠨ ︵ | ᠨᠦᠮᠵᠦᠭ ᠦᠬᠡᠢ)᠂ ᠮᠤᠬᠤᠳᠠᠭ᠂ ᠬᠦᠢᠳᠡᠨ᠂ ᠡᠶᠡᠯᠳᠡᠭ᠂ ᠰᠢᠩᠬᠡᠨ᠂ ᠬᠠᠭᠤᠷᠠᠢ᠂ ᠨᠦᠮᠵᠦᠭ ᠦᠬᠡᠢ᠂ | ᠬᠠᠯᠠᠭᠤᠨ᠂ ᠬᠦᠩᠬᠡᠨ᠂ ᠬᠤᠷᠴᠠ᠂ ᠰᠢᠷᠦᠬᠦᠨ᠂ ᠬᠦᠯᠪᠡᠷᠢᠩᠬᠦᠢ᠃ | ᠵᠢᠷᠭᠤᠭᠠᠨ ᠠᠮᠳᠠ ᠳᠤ ᠠᠭᠤᠯᠤᠭᠳᠠᠬᠤ ᠡᠷᠳᠡᠮ ᠤᠳ ᠤᠨ ᠬᠠᠷᠢᠴᠠᠯ ᠢ ᠦᠵᠡᠬᠦᠯᠪᠡᠯ᠄ | ᠠᠮᠳᠠᠯᠢᠭ ᠠᠮᠳᠠ᠄ ᠬᠦᠨᠳᠦ 10᠂ ᠮᠤᠬᠤᠳᠠᠭ 7᠂ ᠬᠦᠢᠳᠡᠨ 5᠂ ᠰᠢᠩᠬᠡᠨ 5᠂ ᠪᠠᠳᠤᠯᠢᠭ 5᠂ | ᠲᠤᠰᠤᠯᠢᠭ 4᠂ ᠵᠦᠬᠡᠯᠡᠨ 3᠂ ᠡᠶᠡᠯᠳᠡᠭ 1 | ᠢᠰᠬᠦᠯᠡᠩ ᠠᠮᠳᠠ᠄ ᠬᠠᠯᠠᠭᠤᠨ 7᠂ ᠬᠠᠭᠤᠷᠠᠢ 6᠂ ᠲᠤᠰᠤᠯᠢᠭ 4᠂ ᠪᠠᠳᠤᠯᠢᠭ 4᠂ ᠬᠦᠨᠳᠦ 3᠂ | ᠬᠤᠷᠴᠠ 2᠂ ᠰᠢᠷᠦᠬᠦᠨ 1 | ᠲᠠᠪᠤᠰᠤᠯᠢᠭ ᠠᠮᠳᠠ᠄ ᠲᠤᠰᠤᠯᠢᠭ 4᠂ ᠰᠢᠷᠦᠬᠦᠨ 4᠂ ᠬᠤᠷᠴᠠ 3᠂ ᠬᠠᠯᠠᠭᠤᠨ 2᠂ ᠬᠦᠨᠳᠦ 1᠂ | ᠰᠢᠩᠬᠡᠨ 1᠂ ᠡᠶᠡᠯᠳᠡᠭ 1᠂ ᠬᠦᠯᠪᠡᠷᠢᠬᠦᠨ 1 | ᠭᠠᠰᠢᠭᠤᠨ ᠠᠮᠳᠠ᠄ ᠬᠦᠢᠳᠡᠨ 7᠂ ᠰᠢᠩᠬᠡᠨ 5᠂ ᠬᠦᠯᠪᠡᠷᠢᠬᠦᠨ 5᠂ ᠮᠤᠬᠤᠳᠠᠭ 3᠂ ᠰᠢᠷᠦᠬᠦᠨ 3᠂ | ᠬᠦᠩᠬᠡᠨ 2᠂ ᠡᠶᠡᠯᠳᠡᠭ 1 | ᠭᠤᠱᠤᠭᠤᠨ ᠠᠮᠳᠠ᠄ ᠬᠦᠩᠬᠡᠨ 9᠂ ᠰᠢᠷᠦᠬᠦᠨ 7᠂ ᠬᠠᠭᠤᠷᠠᠢ 6᠂ ᠬᠦᠯᠪᠡᠷᠢᠬᠦᠨ 6᠂ ᠬᠤᠷᠴᠠ 6᠂ | ᠬᠠᠯᠠᠭᠤᠨ 5 ᠡᠬᠡᠬᠦᠨ᠄ ᠰᠡᠷᠢᠬᠦᠨ 4᠂ ᠮᠤᠬᠤᠳᠠᠭ 4᠂ ᠬᠠᠭᠤᠷᠠᠢ 2 | ᠠᠩᠬᠠᠷᠠᠬᠤ ᠨᠢ᠄ ᠰᠡᠷᠢᠬᠦᠨ ᠤ 2 ᠬᠤᠪᠢ ᠨᠢ ᠬᠦᠢᠳᠡᠨ ᠤ 1 ᠬᠤᠪᠢ ᠲᠠᠢ ᠲᠡᠩᠴᠡᠬᠦ ᠪᠦᠬᠡᠳ ᠪᠦᠯᠢᠶᠡᠨ | ᠤ 1 ᠬᠤᠪᠢ ᠲᠠᠢ ᠰᠠᠴᠠᠭᠤ ᠪᠤᠯᠤᠨ᠎ᠠ᠃ ᠲᠡᠭᠦᠨᠴᠢᠯᠡᠨ ᠪᠦᠯᠢᠶᠡᠨ ᠤ 2 ᠬᠤᠪᠢ ᠨᠢ ᠬᠠᠯᠠᠭᠤᠨ ᠤ 1 ᠬᠤᠪᠢ ᠲᠠᠢ | ᠲᠡᠩᠴᠡᠬᠦ ᠪᠤᠯᠤᠨ᠎ᠠ᠃ | ᠲᠠᠪᠤᠳᠤᠭᠠᠷ ᠪᠦᠯᠦᠭ ᠡᠮ ᠤᠨ ᠰᠢᠩᠬᠡᠬᠡᠯᠳᠡ | ᠰᠢᠩᠬᠡᠬᠡᠭᠴᠢ᠂ ᠰᠢᠩᠬᠡᠭᠴᠢ ᠬᠤᠶᠠᠷ ᠤᠨ ᠤᠴᠠᠷᠠᠯ ᠪᠠᠷ ᠡᠮ ᠤᠨ ᠤᠤᠯ ᠤᠨ ᠠᠮᠳᠠ ᠬᠤᠪᠢᠷᠠᠭᠰᠠᠨ ᠪᠤᠶᠤ | ᠡᠰᠡᠬᠦ ᠶᠢᠨ ᠳ᠋ᠦᠩ ᠢ ᠡᠮ ᠤᠨ ᠰᠢᠩᠬᠡᠬᠡᠯᠳᠡ ᠬᠡᠨ᠎ᠡ᠃ ᠡᠮ ᠪᠠ ᠢᠳᠡᠬᠡᠨ ᠤᠮᠳᠠᠭᠠᠨ ᠢ ᠰᠢᠩᠬᠡᠭᠴᠢ ᠬᠡᠵᠦ᠂ | ᠬᠤᠳᠤᠭᠤᠳᠤᠨ ᠤ ᠭᠤᠷᠪᠠᠨ ᠢᠯᠴᠢ ᠶᠢ ᠰᠢᠩᠬᠡᠬᠡᠭᠴᠢ ᠬᠡᠨ᠎ᠡ᠃ ᠬᠤᠳᠤᠭᠤᠳᠤᠨ ᠠᠴᠠ ᠡᠬᠦᠰᠦᠭᠰᠡᠨ ᠭᠤᠷᠪᠠᠨ | ᠢᠯᠴᠢ ᠶᠢ ᠲᠠᠭᠠᠭᠰᠠᠨ ᠰᠢᠩᠬᠡᠬᠡᠯᠳᠡ᠂ ᠵᠢᠷᠭᠤᠭᠠᠨ ᠠᠮᠳᠠ ᠶᠢ ᠭᠤᠤᠯ ᠪᠤᠯᠭᠠᠭᠰᠠᠨ ᠰᠢᠩᠬᠡᠬᠡᠯᠳᠡ᠂ ᠡᠮ ᠤᠨ | ᠦᠪᠡᠷᠮᠢᠴᠡ ᠬᠦᠴᠦᠨ ᠠᠴᠠ ᠪᠤᠯᠤᠭᠰᠠᠨ ᠰᠢᠩᠬᠡᠬᠡᠯᠳᠡ ᠬᠡᠵᠦ ᠭᠤᠷᠪᠠ ᠪᠤᠢ᠃ | ᠬᠤᠳᠤᠭᠤᠳᠤᠨ ᠠᠴᠠ ᠡᠬᠦᠰᠦᠭᠰᠡᠨ ᠭᠤᠷᠪᠠᠨ ᠢᠯᠴᠢ ᠶᠢ ᠲᠠᠭᠠᠭᠰᠠᠨ ᠰᠢᠩᠬᠡᠬᠡᠯᠳᠡ᠄ ᠠᠮᠳᠠᠯᠢᠭ ᠲᠠᠪᠤᠰᠤᠯᠢᠭ | ᠨᠢ ᠠᠮᠳᠠᠯᠢᠭ ᠢᠶᠠᠷ᠂ ᠢᠰᠬᠦᠯᠡᠩ ᠨᠢ ᠢᠰᠬᠦᠯᠡᠩ ᠢᠶᠠᠷ᠂ ᠭᠠᠰᠢᠭᠤᠨ᠂ ᠭᠤᠱᠤᠭᠤᠨ᠂ ᠡᠬᠡᠬᠦᠨ ᠨᠢ ᠭᠠᠰᠢᠭᠤᠨ ᠢᠶᠠᠷ | ᠰᠢᠩᠬᠡᠨᠡ᠃ | ᠵᠢᠷᠭᠤᠭᠠᠨ ᠠᠮᠳᠠ ᠶᠢ ᠭᠤᠤᠯ ᠪᠤᠯᠭᠠᠭᠰᠠᠨ ᠰᠢᠩᠬᠡᠬᠡᠯᠳᠡ᠄ ᠠᠮᠳᠠᠯᠢᠭ ᠨᠢ ᠠᠮᠳᠠᠯᠢᠭ ᠲᠡᠳᠦᠢ᠂ ᠢᠰᠬᠦᠯᠡᠩ | ᠨᠢ ᠢᠰᠬᠦᠯᠡᠩ ᠲᠡᠳᠦᠢ᠂ ᠭᠠᠰᠢᠭᠤᠨ ᠨᠢ ᠭᠠᠰᠢᠭᠤᠨ ᠢᠶᠠᠷ᠂ ᠲᠠᠪᠤᠰᠤᠯᠢᠭ ᠨᠢ ᠭᠤᠱᠤᠭᠤᠨ ᠲᠡᠳᠦᠢ᠂ ᠭᠤᠱᠣᠭᠤᠨ | ᠨᠢ ᠭᠤᠱᠤᠭᠤᠨ ᠢᠶᠠᠷ᠂ ᠡᠬᠡᠬᠦᠨ ᠨᠢ ᠭᠤᠱᠤᠭᠤᠨ ᠢᠶᠠᠷ ᠰᠢᠩᠬᠡᠨᠡ᠃ | ᠡᠮ ᠤᠨ ᠦᠪᠡᠷᠮᠢᠴᠡ ᠬᠦᠴᠦᠨ ᠠᠴᠠ ᠪᠤᠯᠤᠭᠰᠠᠨ ᠰᠢᠩᠬᠡᠬᠡᠯᠳᠡ᠄ ᠡᠮ ᠤᠨ ᠦᠪᠡᠷᠮᠢᠴᠡ ᠴᠢᠳᠠᠯ ᠡᠷᠳᠡᠮ | ᠤᠨ ᠡᠷᠬᠡᠪᠡᠷ ᠬᠤᠪᠢᠷᠠᠭᠰᠠᠨ ᠠᠮᠳᠠ ᠨᠢ ᠭᠤᠷᠪᠠᠨ ᠢᠯᠴᠢ ᠶᠢ ᠲᠠᠭᠠᠭᠰᠠᠨ ᠰᠢᠩᠬᠡᠬᠡᠯᠳᠡ ᠶᠢᠨ ᠵᠢᠮ᠎ᠡ ᠶᠤᠰᠤᠨ ᠠᠴᠠ | ᠠᠩᠬᠢᠳᠡ ᠦᠬᠡᠷ᠎ᠡ ᠪᠤᠯᠤᠭᠰᠠᠨ ᠢ ᠬᠡᠯᠡᠨ᠎ᠡ᠃ ᠰᠢᠩᠬᠡᠬᠡᠯᠳᠡ ᠶᠢᠨ ᠦᠢᠯᠡᠳᠦᠯ᠄ ᠠᠮᠳᠠᠯᠢᠭ ᠰᠢᠩᠬᠡᠬᠡᠯᠳᠡ ᠪᠠᠷ | ᠬᠡᠢ᠂ ᠰᠢᠷ᠎ᠠ ᠶᠢ ᠠᠷᠢᠯᠭᠠᠳᠠᠭ᠃ ᠢᠰᠬᠦᠯᠡᠩ ᠰᠢᠩᠬᠡᠬᠡᠯᠳᠡ ᠪᠠᠷ ᠪᠠᠳᠭᠠᠨ ᠬᠡᠢ ᠶᠢ ᠠᠷᠢᠯᠭᠠᠳᠠᠭ᠃ ᠭᠠᠰᠢᠭᠤᠨ | ᠰᠢᠩᠬᠡᠬᠡᠯᠳᠡ ᠪᠠᠷ ᠰᠢᠷ᠎ᠠ ᠶᠢ ᠠᠷᠢᠯᠭᠠᠳᠠᠭ᠃ ᠭᠤᠱᠤᠭᠤᠨ ᠰᠢᠩᠬᠡᠬᠡᠯᠳᠡ ᠪᠠᠷ ᠪᠠᠳᠭᠠᠨ᠂ ᠬᠡᠢ ᠶᠢ ᠠᠷᠢᠯᠭᠠᠳᠠᠭ᠃ | ᠲᠡᠬᠦᠨᠴᠢᠯᠡᠨ ᠠᠮᠳᠠᠯᠢᠭ ᠰᠢᠩᠬᠡᠬᠡᠯᠳᠡ ᠪᠠᠷ ᠪᠠᠳᠭᠠᠨ ᠢ ᠡᠬᠦᠰᠬᠡᠵᠦ᠂ ᠢᠰᠬᠦᠯᠡᠩ ᠰᠢᠩᠬᠡᠬᠡᠯᠳᠡ ᠪᠠᠷ ᠰᠢᠷ᠎ᠠ ᠶᠢ | ᠡᠬᠦᠰᠬᠡᠵᠦ᠂ ᠭᠠᠰᠢᠭᠤᠨ ᠰᠢᠩᠬᠡᠬᠡᠯᠳᠡ ᠪᠠᠷ ᠬᠡᠢ᠂ ᠪᠠᠳᠭᠠᠨ ᠢ ᠡᠬᠦᠰᠬᠡᠵᠦ᠂ ᠭᠤᠱᠤᠭᠤᠨ ᠰᠢᠩᠬᠡᠬᠡᠯᠳᠡ ᠪᠠᠷ ᠰᠢᠷ᠎ᠠ | ᠶᠢ ᠡᠬᠦᠰᠬᠡᠳᠡᠭ ᠪᠠᠶᠢᠨ᠎ᠠ᠃ ᠬᠡᠬᠦ ᠳᠡᠭᠡᠨ ᠡᠨᠡ ᠨᠢ ᠡᠮ ᠤᠨ ᠦᠪᠡᠷᠮᠢᠴᠡ ᠬᠦᠴᠦᠨ ᠠᠴᠠ ᠪᠤᠯᠤᠭᠰᠠᠨ ᠰᠢᠩᠬᠡᠬᠡᠯᠳᠡ | ᠶᠢᠨ ᠵᠢᠮ᠎ᠡ ᠶᠤᠰᠤ ᠶᠢ ᠮᠦᠷᠳᠡᠪᠡᠯ ᠲᠡᠬᠡᠷᠡᠬᠢ ᠮᠡᠳᠦ ᠪᠠᠶᠢᠬᠤ ᠶᠢᠨ ᠠᠯᠪᠠ ᠦᠭᠡᠢ᠃ | ᠵᠢᠷᠭᠤᠳᠤᠭᠠᠷ ᠪᠦᠯᠦᠭ ᠡᠮᠳᠦ ᠪᠤᠳᠠᠰ ᠢ ᠲᠡᠬᠦᠬᠦ᠂ ᠪᠤᠯᠪᠠᠰᠤᠷᠠᠭᠤᠯᠬᠤ᠂ ᠬᠠᠳᠠᠭᠠᠯᠠᠬᠤ᠂ | ᠨᠤᠮᠤᠬᠠᠳᠬᠠᠬᠤ ᠲᠤᠬᠠᠢ | ᠡᠮᠳᠦ ᠤᠷᠭᠤᠮᠠᠯ ᠢ ᠲᠡᠬᠦᠬᠦ᠄ | 1. ᠪᠦᠬᠦᠯᠢ ᠡᠪᠡᠰᠦ ᠶᠢ ᠪᠤᠯ ᠤᠯᠠᠩᠬᠢ ᠨᠢ ᠤᠷᠭᠤᠮᠠᠯ ᠤᠨ ᠤᠷᠭᠤᠯᠳᠠ ᠨᠢ ᠪᠦᠷᠢᠨ ᠳᠡᠬᠦᠯᠳᠡᠷ ᠪᠤᠯᠵᠦ | ᠦᠰᠦᠨ ᠬᠦᠢᠴᠡᠭᠰᠡᠨ ᠦᠶ᠎ᠡ ᠳᠤ ᠪᠤᠶᠤ ᠴᠡᠴᠡᠭᠯᠡᠬᠦ ᠦᠶ᠎ᠡ ᠳᠤ ᠠᠪᠤᠨ᠎ᠠ᠃ ᠦᠨᠳᠦᠰᠦᠨ ᠠᠴᠠ ᠲᠡᠭᠡᠭᠰᠢ ᠬᠠᠳᠤᠵᠦ | ᠠᠪᠤᠭᠰᠠᠨ ᠬᠡᠰᠡᠭ ᠢ ᠬᠦᠷᠦᠰᠦᠨ ᠲᠡᠭᠡᠷᠡᠬᠢ ᠬᠡᠰᠡᠭ ᠬᠡᠨ᠎ᠡ᠃ ᠦᠨᠳᠦᠰᠦ ᠪᠠᠷ ᠨᠢ ᠠᠪᠤᠭᠰᠠᠨ ᠢ ᠪᠤᠯ ᠪᠦᠬᠦᠯᠢ | ᠡᠪᠡᠰᠦ ᠬᠡᠨ᠎ᠡ᠃ | 2. ᠨᠠᠪᠴᠢ ᠶᠢ ᠶᠡᠷᠦᠳᠡᠬᠡᠡ ᠴᠡᠴᠡᠭ ᠤᠨ ᠴᠤᠮᠤᠷᠯᠢᠭ ᠨᠢ ᠲᠡᠯᠭᠡᠷᠡᠬᠦ ᠬᠡᠵᠦ ᠪᠠᠶᠢᠭ᠎ᠠ ᠪᠤᠶᠤ ᠶᠠᠭ ᠳᠡᠯᠭᠡᠷᠡᠭᠰᠡᠨ | ᠦᠶ᠎ᠡ ᠳᠤ ᠲᠡᠬᠦᠨᠡ᠃ | 3. ᠴᠡᠴᠡᠭ ᠢ ᠪᠤᠯ ᠶᠠᠭ ᠳᠡᠯᠭᠡᠷᠡᠵᠦ ᠪᠠᠶᠢᠬᠤ ᠦᠶ᠎ᠡ ᠳᠤ ᠲᠡᠬᠦᠵᠦ ᠠᠪᠤᠨ᠎ᠠ᠃ | 4. ᠵᠢᠮᠢᠰ ᠢ ᠪᠤᠯ ᠶᠡᠷᠦᠳᠡᠬᠡᠨ ᠬᠦᠢᠴᠡᠳ ᠪᠤᠯᠪᠠᠰᠤᠷᠠᠭᠠᠳᠦᠢ ᠪᠠᠷ ᠨᠢ ᠲᠡᠬᠦᠵᠦ ᠬᠡᠷᠡᠭᠯᠡᠳᠡᠭ ᠬᠠᠷ᠎ᠠ ᠬᠦᠢᠯᠡᠰᠦ | ᠂ ᠶᠠᠰᠤᠯᠢᠭ ᠵᠦᠷᠵᠢ ᠶᠢᠨ ᠲᠤᠭᠳᠤᠢ ᠮᠡᠳᠦ ᠶᠢᠨ ᠴᠦᠬᠡᠨ ᠲᠤᠭᠠᠨ ᠤ ᠡᠮ ᠤᠨ ᠮᠠᠲ᠋ᠧᠷᠢᠶᠠᠯ ᠢ ᠭᠠᠷᠭᠠᠪᠠᠯ ᠤᠯᠠᠩᠬᠢ | ᠶᠢ ᠨᠢ ᠶᠡᠷᠦ ᠪᠤᠯᠪᠠᠰᠤᠷᠠᠭᠰᠠᠨ ᠦᠶ᠎ᠡ ᠳᠤ ᠲᠡᠭᠦᠨ᠎ᠡ᠃ | 5. ᠦᠷ᠎ᠡ ᠶᠢᠨ ᠵᠦᠢᠯ ᠤᠨ ᠡᠮ ᠢ ᠪᠤᠯ ᠬᠡᠷᠪᠡ ᠢᠵᠢᠯ ᠪᠠᠭ ᠵᠢᠮᠢᠰ ᠤᠨ ᠵᠢᠮᠢᠰ ᠪᠤᠯᠪᠠᠰᠤᠷᠠᠬᠤ ᠬᠤᠭᠤᠴᠠᠭ᠎ᠠ | ᠨᠢ ᠤᠶᠢᠷᠠᠯᠴᠠᠭ᠎ᠠ ᠰᠢᠭ᠋ ᠪᠠᠶᠢᠪᠠᠯ᠂ ᠲᠠᠷᠤᠢ ᠪᠠᠭ ᠵᠢᠮᠢᠰ ᠢ ᠨᠢ ᠲᠦᠷᠦᠬᠦᠦ ᠪᠠᠷ ᠬᠠᠳᠤᠵᠦ ᠠᠪᠤᠭᠠᠳ ᠰᠡᠯᠬᠢ | ᠨᠡᠪᠳᠡᠷᠡᠬᠦ ᠭᠠᠵᠠᠷ ᠲᠤ ᠲᠡᠭᠦᠵᠢᠯᠡᠨ ᠬᠠᠳᠠᠭᠠᠵᠦ᠂ ᠵᠢᠮᠢᠰ ᠢ ᠨᠢ ᠮᠤᠯᠳᠤᠯᠤᠨ ᠠᠪᠤᠨ᠎ᠠ᠃ ᠬᠡᠷᠪᠡ ᠢᠵᠢᠯ ᠪᠠᠭ ᠵᠢᠮᠢᠰ | ᠤᠨ ᠵᠢᠮᠢᠰ ᠤᠳ ᠲᠡᠰ ᠲᠠᠷᠠᠭ᠎ᠠ ᠲᠠᠢ ᠬᠤᠶᠢᠨ᠎ᠠ ᠬᠤᠶᠢᠨ᠎ᠠ ᠠᠴᠠ ᠪᠠᠨ ᠪᠤᠯᠪᠠᠰᠤᠷᠠᠳᠠᠭ ᠪᠠᠶᠢᠪᠠᠯ ᠪᠤᠯᠪᠠᠰᠤᠷᠠᠭᠰᠠᠨ ᠢ | ᠤᠷᠢᠳᠠᠪᠠᠷ ᠲᠡᠬᠦᠵᠦ᠂ ᠪᠤᠯᠪᠠᠰᠤᠷᠠᠭᠠᠳᠤᠢ ᠶᠢ ᠨᠢ ᠬᠦᠯᠢᠶᠡᠵᠦ ᠪᠠᠶᠢᠭᠠᠳ ᠪᠤᠯᠪᠠᠰᠤᠷᠠᠭᠤᠯᠤᠮᠠᠨᠵᠢᠨ ᠰᠠᠶ᠋ᠢ ᠲᠡᠭᠦᠵᠦ᠂ | ᠬᠠᠳᠠᠭᠠᠭᠰᠠᠨ ᠤ ᠰᠡᠬᠦᠯᠡᠷ ᠦᠷ᠎ᠡ ᠶᠢ ᠨᠢ ᠮᠤᠯᠳᠤᠯᠤᠨ ᠠᠪᠤᠨ᠎ᠠ᠃ | 6. ᠦᠨᠳᠦᠰᠦ᠂ ᠦᠨᠳᠦᠰᠦᠯᠢᠭ ᠡᠰᠢ ᠶᠢ ᠪᠤᠯ ᠨᠠᠮᠤᠷ ᠤᠨ ᠤᠯᠠᠷᠢᠯ ᠳᠤ ᠤᠷᠭᠤᠮᠠᠯ ᠤᠨ ᠬᠦᠷᠦᠰᠦᠨ | ᠲᠡᠭᠡᠷᠡᠬᠢ ᠬᠡᠰᠡᠭ ᠨᠢ ᠬᠤᠪᠠᠭ᠋ᠠᠶᠢᠷᠠᠭᠰᠠᠨ ᠠᠴᠠ ᠬᠤᠶᠢᠳᠦᠨ ᠬᠠᠪᠤᠷ ᠲᠠᠬᠢᠵᠦ ᠰᠤᠶᠤᠭᠠᠯᠠᠬᠤ ᠬᠦᠷᠳᠡᠯᠡᠬᠢ | ᠬᠤᠭᠤᠷᠤᠨᠳᠦ ᠲᠡᠬᠦᠨᠡ᠃ | 7. ᠮᠤᠳᠤᠨ ᠲᠤᠷᠤᠰᠦ ᠪᠤᠯᠤᠨ ᠦᠨᠳᠦᠰᠦᠨ ᠤ ᠲᠤᠷᠤᠰᠦ ᠶᠢ ᠬᠠᠪᠤᠷ ᠤᠨ ᠰᠡᠬᠦᠯ᠂ ᠵᠤᠨ ᠤ ᠡᠬᠢᠨ ᠳᠤ | ᠤᠷᠭᠤᠮᠠᠯ ᠤᠨ ᠲᠤᠷᠤᠰᠦᠨ ᠳᠤᠨᠢ ᠰᠢᠮ᠎ᠡ ᠰᠢᠬᠦᠰᠦ ᠨᠡᠯᠢᠶᠡᠳ ᠡᠯᠪᠡᠭ ᠮᠦᠷᠳᠡᠬᠡᠨ ᠲᠤᠷᠤᠰᠦ ᠨᠢ ᠬᠢᠯᠪᠠᠷᠬᠠᠨ | ᠱᠠᠭᠠᠯᠠᠠᠭᠳᠠᠬᠤ ᠲᠤᠯᠨ ᠡᠨᠡ ᠦᠶ᠎ᠡ ᠳᠤ ᠮᠤᠳᠤᠨ ᠲᠤᠷᠤᠰᠦ ᠶᠢ ᠲᠡᠬᠦᠪᠡᠯ ᠡᠮ ᠤᠨ ᠴᠢᠨᠠᠷ ᠰᠠᠶᠢᠨ ᠪᠠᠶᠢᠳᠠᠭ᠃ | 8. ᠡᠰᠢ ᠶᠢ ᠪᠤᠯ ᠡᠮᠳᠦ ᠤᠷᠭᠤᠮᠠᠯ ᠤᠨ ᠦᠰᠦᠯᠳᠡ ᠤᠷᠭᠤᠯᠳᠠ ᠨᠢ ᠬᠠᠷᠢᠯᠴᠠᠨ ᠠᠳᠠᠯᠢ ᠦᠬᠡᠢ ᠪᠤᠯᠬᠤᠷ | ᠪᠠᠶᠢᠳᠠᠯ ᠢ ᠨᠢ ᠠᠵᠢᠵᠦ ᠪᠠᠶᠢᠭᠠᠳ ᠲᠡᠬᠦᠨᠡ᠃ | ᠠᠮᠢᠳᠠᠨ ᠠᠴᠠ ᠭᠠᠷᠬᠤ ᠡᠮ ᠢ ᠠᠪᠬᠤ᠄ ᠠᠷᠢᠶᠠᠳᠠᠨ ᠬᠦᠷᠦᠬᠡᠰᠦ᠂ ᠮᠠᠯ ᠲᠡᠵᠢᠬᠡᠪᠤᠷᠢ᠂ ᠮᠡᠷᠡᠭᠴᠢ ᠪᠤᠯᠤᠨ | ᠰᠢᠪᠠᠭᠤᠨ ᠤ ᠵᠦᠢᠯ ᠢ ᠴᠦᠮ ᠲᠦᠷᠪᠡᠨ ᠤᠯᠠᠷᠢᠯ ᠲᠤ ᠪᠠᠷᠢᠵᠦ ᠡᠮ ᠳᠤ ᠬᠡᠷᠡᠭᠯᠡᠬᠦ ᠬᠡᠰᠡᠭ ᠢ ᠨᠢ ᠠᠪᠴᠦ ᠪᠤᠯᠬᠤ | ᠪᠤᠯᠪᠠᠴᠦ ᠶᠡᠷᠦᠳᠡᠬᠡᠨ ᠨᠠᠮᠤᠷ ᠡᠪᠤᠯ ᠤᠨ ᠰᠡᠷᠢᠬᠦᠨ ᠤᠯᠠᠷᠢᠯ ᠳᠤ ᠠᠪᠤᠭᠰᠠᠨ ᠨᠢ ᠰᠠᠶᠢᠨ᠂ ᠪᠠᠭᠠᠰᠦᠨ ᠤ ᠵᠦᠢᠯ ᠤᠨ | ᠡᠮ ᠢ ᠬᠤᠷ᠎ᠠ ᠪᠠ ᠰᠠᠯᠬᠢᠨ ᠳᠤ ᠤᠳᠠᠳᠠᠯ᠎ᠠ ᠨᠤᠷᠴᠦ ᠦᠯᠢᠶᠡᠭᠳᠡᠭᠰᠡᠨ ᠪᠤᠶᠤ ᠬᠡᠮᠳᠦᠵᠦ ᠦᠵᠢᠷᠡᠭᠰᠡᠨ ᠦᠬᠡᠢ ᠶᠢ ᠨᠢ | ᠠᠪᠤᠨ᠎ᠠ᠃ | ᠡᠷᠦᠳᠡᠰᠦ ᠶᠢᠨ ᠵᠦᠢᠯ ᠤᠨ ᠡᠮ ᠢ ᠠᠪᠬᠤ᠄ ᠶᠡᠷᠦᠳᠡᠬᠡᠨ ᠰᠢᠷᠤᠢ ᠴᠢᠯᠠᠭᠤᠨ ᠤ ᠵᠦᠢᠯ ᠤᠨ ᠡᠮᠳᠦ ᠪᠤᠳᠠᠰ ᠢ | ᠠᠯᠢ ᠤᠯᠠᠷᠢᠯ ᠳᠤ ᠠᠪᠬᠤ ᠳᠤ ᠴᠦᠮ ᠪᠤᠯᠤᠨ᠎ᠠ᠃ ᠬᠡᠪᠡᠴᠦ ᠨᠠᠷᠠ ᠰᠡᠯᠬᠢᠨ ᠳᠤ ᠬᠡᠳᠦᠷᠬᠡᠢ ᠦᠯᠢᠶᠡᠭᠳᠡᠵᠦ | ᠡᠬᠡᠭᠳᠡᠭᠰᠡᠨ ᠢᠯᠨ ᠪᠠᠶᠢᠭ᠎ᠠ ᠶᠢ ᠨᠢ ᠠᠪᠬᠤ ᠦᠬᠡᠢ᠃ | ᠡᠮᠳᠦ ᠪᠤᠳᠠᠰ ᠢ ᠪᠤᠯᠪᠠᠰᠤᠷᠠᠭᠤᠯᠬᠤ ᠠᠷᠭ᠎ᠠ᠄ 1. ᠰᠢᠯᠢᠳᠡᠭᠵᠢᠬᠦᠯᠬᠦ ︵ᠰᠠᠬᠠᠯ ᠢ ᠨᠢ ᠠᠷᠢᠯᠭᠠᠬᠤ᠂ ᠭᠤᠤᠯ ᠢ | ᠠᠷᠢᠯᠭᠠᠬᠤ᠂ ᠨᠠᠪᠴᠢᠨ ᠤ ᠪᠠᠷᠢᠭᠤᠯ ᠢ ᠬᠠᠶᠠᠬᠤ᠂ ᠲᠤᠭᠳᠤᠢ ᠶᠢ ᠠᠷᠢᠯᠭᠠᠬᠤ᠂ ᠦᠷ᠎ᠡ ᠪᠤᠯᠤᠨ ᠵᠢᠮᠢᠰ ᠤᠨ ᠬᠠᠯᠢᠰᠦ | ᠶᠢ ᠠᠷᠢᠯᠭᠠᠬᠤ᠂ ᠶᠠᠰᠦ ᠶᠢ ᠠᠷᠢᠯᠭᠠᠬᠤ᠂ ᠬᠠᠯᠢᠰᠦ ᠶᠢ ᠠᠷᠢᠯᠭᠠᠬᠤ)2. ᠤᠬᠢᠶᠠᠬᠤ 3. ᠬᠡᠷᠴᠢᠬᠦ 4 | ᠬᠠᠳᠠᠭᠠᠬᠤ᠃ | ᠡᠮᠳᠦ ᠪᠤᠳᠠᠰ ᠢ ᠬᠠᠳᠠᠭᠠᠯᠠᠬᠤ ᠶᠢᠨ ᠲᠤᠮᠳᠠ ᠪᠠᠶᠢᠩᠭᠤ ᠭᠠᠷᠳᠠᠭ ᠴᠢᠨᠠᠷ ᠬᠤᠪᠢᠰᠬᠤ ᠶᠢᠨ ᠦᠵᠡᠭᠳᠡᠯ᠄ 1. | ᠢᠯᠵᠡᠷᠡᠬᠦ 2. ᠬᠤᠷᠤᠬᠠᠶᠢᠳᠠᠬᠤ 3. ᠦᠩᠬᠡ ᠠᠯᠳᠠᠭᠳᠠᠬᠤ 4. ᠲᠤᠰᠤ ᠭᠠᠷᠬᠤ 5. ᠪᠤᠰᠤᠳ ᠵᠦᠢᠯ | ᠡᠮᠳᠦ ᠪᠤᠳᠠᠰ ᠢ ᠨᠤᠮᠠᠳᠬᠠᠬᠤ᠄ | ᠨᠤᠮᠤᠬᠠᠳᠬᠠᠤ ᠵᠤᠷᠢᠯᠭ᠎ᠠ᠄ 1. ᠡᠮᠳᠦ ᠪᠤᠳᠠᠰ ᠤᠨ ᠬᠤᠤᠷ᠎ᠠ᠂ ᠬᠤᠷᠴᠠ ᠰᠢᠷᠦᠬᠦᠨ ᠴᠢᠨᠠᠷ ᠪᠤᠯᠤᠨ ᠮᠠᠭᠤ | ᠦᠢᠯᠡᠳᠦᠯ ᠢ ᠨᠢ ᠠᠷᠢᠯᠭᠠᠬᠤ ᠪᠤᠶᠤ ᠪᠠᠭᠤᠷᠠᠭᠤᠯᠬᠤ ᠶᠢᠨ ᠲᠦᠯᠦᠬᠡ ᠨᠤᠮᠤᠬᠠᠳᠬᠠᠨᠠ᠃ 2. ᠡᠮ ᠤᠨ ᠴᠢᠨᠠᠷ ᠢ ᠨᠢ | ᠦᠬᠡᠷᠡᠴᠢᠯᠡᠵᠦ᠂ ᠡᠪᠡᠳᠴᠢᠨ ᠤ ᠪᠠᠶᠢᠳᠠᠯ ᠳᠤᠨᠢ ᠲᠤᠬᠢᠷᠠᠭᠤᠯᠬᠤ ᠶᠢᠨ ᠲᠦᠯᠦᠬᠡ ᠨᠤᠮᠤᠬᠠᠳᠬᠠᠨᠠ᠃ 3. ᠡᠮᠳᠦ | ᠪᠤᠳᠠᠰ ᠢ ᠨᠠᠶᠢᠷᠠᠭᠤᠯᠬᠤ ᠪᠠ ᠬᠠᠳᠠᠭᠠᠯᠠᠬᠤ ᠳᠤ ᠲᠦᠬᠦᠮ ᠤᠨ ᠲᠦᠯᠦᠬᠡ ᠨᠤᠮᠤᠬᠠᠳᠬᠠᠨᠠ᠃ 4. ᠡᠮᠳᠦ ᠪᠤᠳᠠᠰ ᠤᠨ | ᠬᠤᠯᠢᠮᠠᠭ ᠶᠠᠭᠤᠮ᠎ᠠ ᠪᠠ ᠡᠮ ᠳᠤ ᠬᠡᠷᠡᠭᠯᠡᠬᠦ ᠦᠬᠡᠢ ᠬᠡᠰᠡᠭ ᠢ ᠨᠢ ᠠᠷᠢᠯᠭᠠᠵᠦ ᠨᠠᠷᠢᠯᠢᠭ ᠴᠡᠪᠡᠷ ᠪᠤᠯᠭᠠᠪᠠᠯ ᠰᠠᠶ᠋ᠢ | ᠬᠡᠷᠡᠭᠯᠡᠬᠦ ᠬᠡᠮᠵᠢᠶ᠎ᠡ ᠤᠨᠤᠪᠴᠢᠳᠠᠢ ᠪᠤᠯᠵᠦ ᠴᠢᠳᠠᠬᠤ ᠪᠤᠶᠤ ᠤᠤᠭᠤᠬᠤ ᠳᠤ ᠲᠦᠬᠦᠮ ᠪᠤᠯᠤᠨ᠎ᠠ᠃ | ᠨᠤᠮᠤᠬᠠᠳᠬᠠᠤ ᠠᠷᠭ᠎ᠠ᠄ 1.ᠠᠷᠢᠯᠭᠠᠨ ᠵᠠᠰᠠᠬᠤ ︵ᠴᠡᠪᠡᠷᠯᠡᠬᠦ᠂ ᠬᠡᠮᠬᠡᠯᠡᠬᠦ︶2. ᠤᠰᠤ ᠪᠠᠷ ᠨᠤᠮᠤᠬᠠᠳᠬᠠᠬᠤ | ︵ᠤᠬᠢᠶᠠᠬᠤ᠂ ᠲᠡᠪᠳᠦᠬᠡᠬᠦ᠂ ᠴᠢᠬᠢᠭᠳᠦᠬᠦᠯᠬᠦ᠂ ᠵᠠᠶᠢᠯᠠᠬᠤ᠂ ᠲᠤᠩᠭᠠᠬᠤ)3. ᠭᠠᠯ ᠢᠶᠠᠷ ᠨᠤᠮᠤᠬᠠᠳᠬᠠᠬᠤ ︵ | ᠬᠠᠭᠤᠷᠬᠤ ﹇ᠰᠢᠷᠠᠯᠠᠳᠠᠯ᠎ᠠ ᠬᠠᠭᠤᠷᠬᠤ᠂ ᠬᠡᠦᠷᠰᠢᠳᠡᠯᠡ ᠬᠠᠭᠤᠷᠬᠤ᠂ ᠨᠡᠬᠦᠷᠡᠰᠦ ᠪᠤᠯᠳᠠᠯ᠎ᠠ ᠬᠠᠭᠤᠷᠬᠤ᠂ ᠡᠯᠡᠰᠦ ᠲᠠᠢ | ᠬᠠᠭᠤᠷᠬᠤ᠂ ᠠᠷᠪᠠᠢ ᠲᠠᠢ ᠬᠠᠭᠤᠷᠬᠤ﹈᠂᠂ ᠤᠯᠠᠶᠢᠳᠬᠠᠬᠤ ﹇ᠰᠢᠭᠤᠳ ᠰᠢᠳᠠᠭᠠᠬᠤ᠂ ᠪᠢᠳᠡᠬᠦᠦ ᠰᠢᠳᠠᠭᠠᠬᠤ᠂ | ᠤᠯᠠᠶᠢᠳᠬᠠᠨ ᠰᠦᠢᠷᠡᠬᠦᠯᠬᠦ﹈᠂ ᠨᠤᠷᠮᠠᠯᠠᠬᠤ᠂ ᠬᠠᠶᠢᠯᠤᠭᠤᠯᠬᠤ︶ 4. ᠭᠠᠯ ᠤᠰᠤ ᠶᠢᠨ ᠬᠠᠪᠰᠤᠷᠤᠮᠵᠢ ᠪᠠᠷ | ᠨᠤᠮᠤᠬᠠᠳᠬᠠᠬᠤ ︵ᠵᠢᠩᠨᠡᠬᠦ᠂ ᠴᠢᠨᠠᠬᠤ︶᠃ | |