ᠮᠤᠩᠭᠤᠯ ᠡᠮ ᠨᠠᠶᠢᠷᠠᠯᠭ᠎ᠠ ᠶᠢᠨ ᠦᠨᠳᠦᠰᠦᠨ ᠤᠨᠤᠯ | | ᠨᠢᠬᠡᠳᠦᠬᠡᠷ ᠪᠦᠯᠦᠭ ᠮᠤᠩᠭᠤᠯ ᠡᠮ ᠨᠠᠶᠢᠷᠠᠯᠭ᠎ᠠ ᠶᠢᠨ ᠠᠩᠬᠢᠯᠠᠯ | ᠤᠯᠠᠮᠵᠢᠯᠠᠯᠳᠦ ᠠᠩᠬᠢᠯᠠᠯ᠄ ᠠᠮᠤᠷᠯᠢᠭᠤᠯᠤᠨ ᠦᠢᠯᠡᠳᠬᠦ ᠡᠮ ᠤᠨ ᠲᠤᠪᠴᠢ ᠶᠢ ᠲᠠᠩ᠂ ᠲᠠᠯᠬ᠎ᠠ᠂ ᠦᠷᠢᠯ᠂ | ᠵᠢᠭᠤᠷᠠᠮᠠᠯ᠂ ᠲᠤᠰᠤᠨ ᠡᠮ᠂ ᠦᠨᠡᠰᠦᠨ ᠡᠮ᠂ ᠠᠷᠢᠬᠢᠨ ᠡᠮ᠂ ᠬᠠᠨᠳᠠ ᠡᠮ᠂ ᠡᠷᠳᠡᠨᠢ ᠶᠢᠨ ᠡᠮ ᠤᠨ ᠨᠠᠶᠢᠷᠠᠯᠭ᠎ᠠ᠂ | ᠡᠪᠡᠰᠦᠨ ᠡᠮ ᠤᠨ ᠨᠠᠶᠢᠷᠠᠯᠭ᠎ᠠ ᠵᠡᠷᠭᠡ ᠠᠷᠪᠠ︔ ᠠᠷᠢᠯᠭᠠᠨ ᠦᠢᠯᠡᠳᠡᠬᠦ ᠦᠢᠯᠨ ᠶᠢᠨ ᠲᠤᠪᠴᠢ ᠶᠢ ᠲᠤᠰᠤᠨ ᠵᠠᠰᠠᠯ᠂ | ᠲᠤᠭᠤᠯᠪᠤᠷᠢ᠂ ᠪᠦᠬᠡᠯᠵᠢᠬᠦᠯᠬᠡ᠂ ᠬᠠᠮᠠᠷ ᠤᠨ ᠡᠮ᠂ ᠵᠦᠬᠡᠯᠡᠨ ᠰᠢᠮᠡᠵᠢᠬᠦᠯᠬᠡ᠂ ᠨᠢᠷᠤᠬ᠎ᠠ᠂ ᠰᠤᠳᠠᠯ ᠤᠨ | ᠲᠤᠭᠤᠯᠪᠤᠷᠢ ᠵᠡᠷᠬᠡ ᠲᠤᠯᠤᠭ᠎ᠠ ᠵᠦᠢᠯ ᠲᠠᠢ ᠨᠡᠶᠢᠳᠡ ᠠᠷᠪᠠᠨ ᠲᠤᠯᠤᠭᠠᠨ ᠵᠦᠢᠯ ᠢᠶᠠᠷ ᠠᠩᠬᠢᠯᠠᠨ᠎ᠠ᠃ | ᠤᠳᠤᠬᠠᠨ ᠤ ᠠᠩᠬᠢᠯᠠᠯ᠄ ᠴᠢᠳᠠᠯ ᠢ ᠮᠦᠷᠳᠡᠭᠰᠡᠨ ᠠᠩᠬᠢᠯᠠᠯ᠂ ᠬᠡᠯᠪᠡᠷᠢ ᠶᠢ ᠮᠦᠷᠳᠡᠭᠰᠡᠨ ᠠᠩᠬᠢᠯᠠᠯ᠂ ᠴᠠᠭᠠᠨ | ᠲᠤᠯᠤᠭᠠᠢ ᠶᠢᠨ ᠲᠠᠷᠠᠭᠠᠯᠠᠯ ᠢᠶᠠᠷ ᠵᠢᠭᠰᠠᠭᠠᠭᠰᠠᠨ ᠠᠩᠬᠢᠯᠠᠯ ᠵᠡᠷᠬᠡ ᠪᠤᠢ᠃ | ᠬᠤᠶᠠᠳᠤᠭᠠᠷ ᠪᠦᠯᠦᠭ ᠡᠮ ᠨᠠᠶᠢᠷᠠᠯᠭ᠎ᠠ ᠶᠢᠨ ᠲᠤᠬᠠᠢ ᠦᠨᠳᠦᠰᠦᠨ ᠤᠨᠤᠯ | ᠨᠢᠬᠡᠳᠦᠬᠡᠷ ᠬᠡᠰᠡᠭ ᠡᠮ ᠨᠠᠶᠢᠷᠠᠭᠤᠯᠬᠤ ᠵᠠᠷᠴᠢᠮ | ᠡᠮ ᠨᠠᠶᠢᠷᠠᠭᠤᠯᠬᠤ ᠵᠠᠷᠴᠢᠮ᠄ ᠡᠮ ᠨᠠᠶᠢᠷᠠᠭᠤᠯᠬᠤ ᠳᠤ ᠲᠡᠬᠦᠨ ᠤ ᠬᠦᠯ ᠪᠤᠯᠤᠭᠰᠠᠨ ᠡᠮᠳᠦ ᠪᠤᠳᠠᠰ ᠤᠨ | ᠠᠮᠳᠠ᠂ ᠠᠮᠳᠠ ᠶᠢᠨ ᠰᠢᠩᠬᠡᠬᠡᠯᠳᠡ᠂ ᠴᠢᠳᠠᠯ ᠢ ᠬᠠᠷᠢᠯᠴᠠᠨ ᠲᠤᠬᠢᠷᠠᠭᠤᠯᠤᠨ ᠡᠶᠡᠳᠦᠬᠦᠯᠵᠦ ᠨᠠᠶᠢᠷᠠᠭᠤᠯᠬᠤ ᠶᠢ | ᠪᠠᠷᠢᠮᠳᠠᠯᠠᠨ᠎ᠠ᠃ ᠢᠯᠠᠩᠭᠤᠶ᠎ᠡ ᠴᠢᠨᠠᠷ ᠢᠶᠠᠷ ᠢᠶᠠᠨ ᠦᠯᠦ ᠵᠤᠬᠢᠯᠳᠤᠬᠤ ᠪᠠ ᠦᠢᠯᠡᠳᠦᠯ ᠢᠶᠠᠷ ᠢᠶᠠᠨ ᠦᠯᠦ ᠵᠤᠬᠢᠯᠳᠤᠬᠤ | ᠶᠢ ᠠᠩᠬᠠᠷᠠᠬᠤ ᠬᠡᠷᠡᠭᠳᠡᠢ᠃ | ᠴᠢᠨᠠᠷ ᠢᠶᠠᠷ ᠢᠶᠠᠨ ᠦᠯᠦ ᠵᠤᠬᠢᠯᠳᠤᠬᠤ᠄ ᠡᠩ ᠤᠨ ᠪᠠᠶᠢᠳᠠᠯ ᠲᠤᠤᠷ᠎ᠠ ᠬᠦᠩᠬᠡᠨ ᠴᠢᠨᠠᠷ ᠲᠠᠢ ᠡᠮ ᠢ ᠬᠦᠨᠳᠦ | ᠴᠢᠨᠠᠷ ᠲᠠᠢ ᠡᠮ ᠲᠠᠢ ᠬᠠᠮᠳᠦ ᠨᠠᠶᠢᠷᠠᠭᠤᠯᠬᠤ᠂ ᠬᠠᠯᠠᠭᠤᠨ ᠴᠢᠨᠠᠷ ᠲᠠᠢ ᠡᠮ ᠢ ᠬᠦᠢᠳᠡᠨ ᠴᠢᠨᠠᠷ ᠲᠠᠢ ᠡᠮ ᠲᠠᠢ | ᠬᠠᠮᠳᠦ ᠨᠠᠶᠢᠷᠠᠭᠤᠯᠬᠤ ᠶᠢ ᠴᠢᠨᠠᠷ ᠢᠶᠠᠷ ᠢᠶᠠᠨ ᠦᠯᠦ ᠵᠤᠬᠢᠯᠳᠤᠬᠤ ᠬᠡᠨ᠎ᠡ᠃ | ᠦᠢᠯᠡᠳᠦᠯ ᠢᠶᠠᠷ ᠢᠶᠠᠨ ᠦᠯᠦ ᠵᠤᠬᠢᠯᠳᠤᠬᠤ᠄ ᠲᠠᠷᠦᠢ ᠬᠡᠢ ᠶᠢᠨ ᠡᠪᠡᠳᠴᠢᠨ ᠢ ᠠᠨᠠᠭᠠᠬᠤ ᠳᠤ ᠰᠢᠷᠦᠬᠦᠨ᠂ | ᠪᠦᠯᠢᠶᠡᠨ ᠡᠮ ᠢ ᠬᠠᠮᠳᠦ ᠨᠠᠶᠢᠷᠠᠭᠤᠯᠪᠠᠯ ᠲᠠᠷᠦᠢ ᠦᠢᠯᠡᠳᠦᠯ ᠨᠢ ᠵᠤᠬᠢᠯᠳᠬᠤ ᠦᠬᠡᠢ ᠪᠤᠯᠤᠨ᠎ᠠ᠃ | ᠬᠤᠶᠠᠳᠤᠭᠠᠷ ᠬᠡᠰᠡᠭ ᠡᠮ ᠨᠠᠶᠢᠷᠠᠭᠤᠯᠬᠤ ᠠᠷᠭ᠎ᠠ | ᠡᠮ ᠨᠠᠶᠢᠷᠠᠭᠤᠯᠬᠤ ᠠᠷᠭ᠎ᠠ᠄ ᠶᠡᠷᠦᠳᠡᠬᠡᠨ ᠠᠮᠳᠠ᠂ ᠰᠢᠩᠬᠡᠬᠡᠯᠳᠡ᠂ ᠴᠢᠳᠠᠯ ᠢᠶᠠᠷ ᠨᠠᠶᠢᠷᠠᠭᠤᠯᠬᠤ ᠦᠨᠳᠦᠰᠦᠨ | ᠭᠤᠷᠪᠠᠨ ᠠᠷᠭ᠎ᠠ ᠪᠠᠶᠢᠳᠠᠭ᠃ ᠶᠠᠮᠠᠷ ᠴᠤ ᠡᠮ ᠤᠨ ᠠᠮᠳᠠ᠂ ᠰᠢᠩᠬᠡᠬᠡᠯᠳᠡ᠂ ᠴᠢᠳᠠᠯ ᠭᠤᠷᠪᠠᠭᠤᠯᠨ ᠬᠡᠪ ᠶᠤᠰᠤᠭᠠᠷ | ᠵᠤᠬᠢᠯᠳᠤᠭᠰᠠᠨ ᠪᠠᠶᠢᠪᠠᠯ ᠲᠤᠬᠠᠶᠢᠯᠠᠭᠰᠠᠨ ᠡᠪᠡᠳᠴᠢᠨ ᠳᠡᠭᠡᠨ ᠬᠠᠮᠤᠭ ᠤᠨ ᠬᠦᠴᠦ ᠲᠠᠢ ᠪᠠᠶᠢᠳᠠᠭ᠃ | 1. ᠠᠮᠳᠠ ᠪᠠᠷ ᠨᠠᠶᠢᠷᠠᠭᠤᠯᠬᠤ ᠠᠷᠭ᠎ᠠ᠄ ᠡᠮᠳᠦ ᠪᠤᠳᠠᠰ ᠤᠨ ᠭᠤᠤᠯ ᠪᠤᠯᠬᠤ ᠠᠮᠳᠠ ᠪᠤᠯᠤᠨ ᠲᠡᠬᠦᠨ ᠳᠤ | ᠲᠠᠭᠠᠯᠳᠤᠭᠰᠠᠨ ᠨᠠᠶᠢᠮᠠᠨ ᠴᠢᠳᠠᠯ᠂ ᠠᠷᠪᠠᠨ ᠲᠤᠯᠤᠭᠠᠨ ᠡᠷᠳᠡᠮ ᠤᠳ ᠢ ᠬᠡᠢ᠂ ᠰᠢᠷ᠎ᠠ᠂ ᠪᠠᠳᠭᠠᠨ ᠤ ᠠᠷᠪᠢᠳᠬᠤ᠂ | ᠬᠤᠷᠤᠭᠳᠠᠬᠤ᠂ ᠬᠢᠮᠤᠷᠠᠯᠳᠤᠬᠤ ᠡᠪᠡᠳᠴᠢᠨ ᠤ ᠬᠤᠪᠢᠷᠠᠯᠳᠠ ᠳᠤ ᠴᠢᠭᠯᠡᠬᠦᠯᠵᠦ᠂ ᠲᠡᠳᠡᠭᠡᠷ ᠢ ᠡᠷᠡᠬᠦᠯ ᠬᠡᠪ ᠲᠤᠨᠢ | ᠤᠷᠤᠭᠤᠯᠬᠤ ᠪᠠᠷ ᠡᠮᠳᠦ ᠪᠤᠳᠠᠰ ᠢᠶᠠᠨ ᠵᠤᠬᠢᠴᠠᠭᠤᠯᠤᠨ ᠨᠠᠶᠢᠷᠠᠭᠤᠯᠳᠠᠭ᠃ ᠠᠮᠳᠠ ᠪᠠᠷ ᠨᠠᠶᠢᠷᠠᠭᠤᠯᠬᠤ ᠳᠤ | ᠠᠮᠳᠠᠯᠠᠭᠳᠠᠭᠰᠠᠨ ᠠᠮᠳᠠ ᠨᠢ ᠶᠠᠮᠠᠷ ᠪᠠᠶᠢᠭᠰᠠᠨ ᠢᠶᠠᠷ ᠠᠮᠳᠠ ᠶᠢᠨ ᠨᠠᠶᠢᠷᠠᠯᠭ᠎ᠠ ᠶᠢ ᠨᠠᠶᠢᠷᠠᠭᠤᠯᠵᠦ ᠪᠤᠯᠬᠤ ᠦᠬᠡᠢ᠃ | ᠡᠷᠬᠡᠪᠡᠰᠢ ᠠᠮᠳᠠ ᠪᠤᠯᠤᠨ ᠠᠮᠳᠠ ᠳᠤ ᠠᠭᠤᠯᠤᠭᠳᠠᠭᠰᠠᠨ ᠡᠷᠳᠡᠮ ᠢ ᠬᠠᠷᠢᠴᠠᠭᠤᠯᠵᠦ ᠦᠵᠡᠬᠦ ᠬᠡᠷᠡᠭᠳᠡᠢ᠃ ᠵᠢᠱᠢᠶ᠎ᠡ | ᠨᠢ ᠠᠨᠠᠷ ᠵᠦᠷᠦᠷ᠎ᠡ ᠪᠦᠷ ᠢᠰᠭᠦᠯᠡᠩ ᠠᠮᠳᠠ ᠲᠠᠢ ᠪᠤᠯᠪᠠᠴᠦ ᠡᠷᠳᠡᠮ ᠴᠢᠳᠠᠯ ᠨᠢ ᠬᠠᠷᠢᠨ ᠦᠬᠡᠷ᠎ᠡ ᠪᠠᠶᠢᠵᠦ᠂ ᠠᠨᠠᠷ | ᠨᠢ ᠬᠡᠢ ᠳᠤ ᠲᠤᠰᠠᠲᠠᠢ ᠪᠠᠶᠢᠬᠤ ᠳᠤ ᠵᠦᠷᠦᠷ᠎ᠡ ᠨᠢ ᠬᠠᠷᠢᠨ ᠬᠠᠯᠠᠭᠤᠨ ᠢ ᠠᠷᠢᠯᠭᠠᠬᠤ ᠳᠤ ᠲᠤᠰᠠᠲᠠᠢ ᠪᠠᠶᠢᠳᠠᠭ᠃ | ᠠᠮᠳᠠ ᠪᠠᠷ ᠨᠠᠶᠢᠷᠠᠭᠤᠯᠬᠤ ᠠᠷᠭ᠎ᠠ ᠲᠠᠩ ᠡᠮ ᠲᠡᠭᠡᠷ᠎ᠡ ᠲᠦᠬᠡᠮᠡᠯ ᠬᠡᠷᠡᠭᠯᠡᠭᠳᠡᠨ᠎ᠡ᠃ | 2. ᠴᠢᠳᠠᠯ ᠢᠶᠠᠷ ᠨᠠᠶᠢᠷᠠᠭᠤᠯᠬᠤ ᠠᠷᠭ᠎ᠠ᠄ ᠡᠨᠡ ᠪᠤᠯ ᠤᠯᠠᠨ ᠵᠦᠢᠯ ᠤᠨ ᠡᠮᠳᠦ ᠪᠤᠳᠠᠰ ᠤᠨ ᠮᠦᠨ ᠴᠢᠨᠠᠷ | ᠤᠨ ᠴᠢᠳᠠᠯ ᠢ ᠨᠢ ᠮᠦᠷᠳᠡᠵᠦ᠂ ᠡᠯ᠎ᠡ ᠵᠦᠢᠯ ᠤᠨ ᠡᠪᠡᠳᠴᠢᠨ ᠤ ᠬᠤᠪᠢᠷᠠᠯᠳᠠ ᠲᠠᠢ ᠤᠶᠠᠯᠳᠤᠭᠤᠯᠤᠨ | ᠵᠤᠬᠢᠯᠳᠤᠭᠤᠯᠵᠦ᠂ ᠨᠡᠶᠢᠯᠡᠬᠦᠯᠦᠨ ᠨᠠᠶᠢᠷᠠᠭᠤᠯᠬᠤ ᠠᠷᠭ᠎ᠠ ᠮᠦᠨ᠃ ᠮᠦᠨ ᠴᠢᠨᠠᠷ ᠤᠨ ᠴᠢᠳᠠᠯ ᠬᠡᠳᠡᠭ ᠨᠢ ᠲᠠᠷᠤᠢ | ᠡᠮᠳᠦ ᠪᠤᠳᠠᠰ ᠨᠢᠬᠡᠪᠤᠷᠢ ᠶᠢᠨ ᠦᠪᠡᠷᠮᠢᠴᠡ ᠬᠦᠴᠦᠨ ᠵᠦᠢᠯ ᠠᠴᠠ ᠪᠤᠯᠤᠭᠰᠠᠨ ᠡᠪᠡᠳᠴᠢᠨ ᠡᠮᠬᠡᠭ ᠢ ᠠᠨᠠᠭᠠᠬᠤ | ᠲᠤᠬᠠᠶᠢᠳᠦ ᠴᠢᠳᠠᠯ ᠢ ᠵᠢᠭᠠᠨ᠎ᠠ᠃ ᠤᠳᠤᠬᠠᠨ ᠳᠤ ᠡᠨᠡ ᠠᠷᠭ᠎ᠠ ᠨᠢ ᠬᠠᠮᠤᠭ ᠦᠷᠬᠡᠨ ᠢᠶᠠᠷ ᠬᠡᠷᠡᠭᠯᠡᠭᠳᠡᠵᠦ ᠪᠠᠶᠢᠬᠤ | ᠪᠦᠬᠡᠳ ᠡᠮ ᠨᠠᠶᠢᠷᠠᠭᠤᠯᠬᠤ ᠬᠠᠮᠤᠭ ᠤᠨ ᠦᠨᠳᠦᠰᠦᠨ ᠠᠷᠭ᠎ᠠ ᠪᠤᠯᠵᠦ ᠪᠠᠶᠢᠨ᠎ᠠ᠃ | ᠦᠨᠳᠦᠰᠦᠨ ᠪᠠᠷᠢᠮᠳᠠᠯᠠᠯ᠄ ᠡᠮᠳᠦ ᠪᠤᠳᠠᠰ ᠤᠨ ᠮᠦᠨ ᠴᠢᠨᠠᠷ ᠤᠨ ᠴᠢᠳᠠᠯ ᠢ ᠮᠦᠷᠳᠡᠬᠦ ᠨᠢ ᠴᠢᠳᠠᠯ ᠢᠶᠠᠷ | ᠨᠠᠶᠢᠷᠠᠭᠤᠯᠬᠤ ᠠᠷᠭ᠎ᠠ ᠶᠢᠨ ᠦᠨᠳᠦᠰᠦᠨ ᠪᠠᠷᠢᠮᠳᠠᠯᠠᠯ ᠪᠤᠯᠤᠨ᠎ᠠ᠃ | 3. ᠰᠢᠩᠬᠡᠬᠡᠯᠳᠡ ᠪᠠᠷ ᠨᠠᠶᠢᠷᠠᠭᠤᠯᠬᠤ ᠠᠷᠭ᠎ᠠ᠄ ᠡᠨᠡ ᠪᠤᠯ ᠰᠢᠩᠬᠡᠬᠡᠯᠳᠡ ᠶᠢᠨ ᠭᠤᠷᠪᠠᠨ ᠬᠦᠴᠦᠨ ᠤ | ᠦᠢᠯᠡᠳᠦᠯ ᠢᠶᠠᠷ ᠡᠮᠳᠦ ᠪᠤᠳᠠᠰ ᠤᠨ ᠤᠤᠯ ᠤᠨ ᠠᠮᠳᠠ ᠨᠢ ᠬᠤᠪᠢᠷᠠᠬᠤ ᠶᠢᠨ ᠲᠠᠭᠠᠤ ᠡᠭᠦᠰᠦᠭᠰᠡᠨ ᠠᠮᠳᠠ ᠶᠢᠨ | ᠰᠢᠩᠬᠡᠬᠡᠯᠳᠡ ᠶᠢᠨ ᠴᠢᠳᠠᠯ ᠢ ᠮᠦᠷᠳᠡᠵᠦ ᠡᠮ ᠨᠠᠶᠢᠷᠠᠭᠤᠯᠬᠤ ᠠᠷᠭ᠎ᠠ ᠮᠦᠨ᠃ ᠡᠨᠡᠬᠦ ᠠᠷᠭ᠎ᠠ ᠪᠠᠷ ᠨᠠᠶᠢᠷᠠᠭᠤᠯᠤᠭᠰᠠᠨ | ᠡᠮ ᠨᠠᠶᠢᠷᠠᠯᠭ᠎ᠠ ᠶᠢ ᠭᠤᠤᠯᠳᠠᠭᠤ ᠬᠠᠪᠰᠤᠷᠤᠭᠰᠠᠨ ᠬᠤᠷᠠᠭᠰᠠᠨ ᠡᠪᠡᠳᠴᠢᠨ ᠢ ᠠᠨᠠᠭᠠᠬᠤ ᠳᠤ ᠬᠡᠷᠡᠭᠯᠡᠨ᠎ᠡ᠃ | ᠡᠬᠦᠨ ᠤ ᠠᠮᠳᠠ ᠶᠢᠨ ᠨᠠᠶᠢᠷᠠᠯᠭ᠎ᠠ ᠠᠴᠠ ᠢᠯᠭᠠᠭᠳᠠᠬᠤ ᠤᠨᠴᠠᠯᠢᠭ ᠨᠢ ᠲᠠᠷᠤᠢ ᠠᠮᠳᠠ ᠶᠢᠨ ᠨᠠᠶᠢᠷᠠᠯᠭ᠎ᠠ ᠪᠤᠯ | ᠡᠮ ᠳᠤ ᠤᠤᠯ ᠳᠠᠭᠠᠨ ᠶᠠᠮᠠᠷ ᠠᠮᠳᠠ ᠪᠠᠶᠢᠭᠰᠠᠨ ᠪᠤᠯ ᠲᠡᠷᠡ ᠠᠮᠳᠠ ᠶᠢ ᠨᠢ ᠮᠦᠷᠳᠡᠬᠦ ᠪᠤᠯᠬᠤᠷ ᠤᠤᠭᠤᠬᠤ ᠦᠶ᠎ᠡ | ᠶᠢᠨ ᠠᠮᠳᠠ ᠶᠢ ᠴᠢᠬᠤᠯᠴᠢᠯᠠᠬᠤ ᠶᠤᠮ᠃ ᠬᠡᠳᠡᠯ᠎ᠡ ᠰᠢᠩᠬᠡᠬᠡᠯᠳᠡ ᠶᠢᠨ ᠨᠠᠶᠢᠷᠠᠯᠭ᠎ᠠ ᠪᠤᠯ ᠰᠢᠩᠬᠡᠬᠡᠯᠳᠡ ᠪᠠᠷ ᠢᠶᠠᠨ | ᠬᠤᠪᠢᠷᠠᠭᠰᠠᠨ ᠠᠮᠳᠠ ᠶᠢ ᠮᠦᠷᠳᠡᠬᠦ ᠶᠤᠮ᠃ | ᠠᠮᠳᠠᠯᠢᠭ ᠪᠠ ᠲᠠᠪᠤᠰᠤᠯᠢᠭ ᠨᠢ ᠠᠮᠳᠠᠯᠢᠭ ᠪᠠᠷ᠂ ᠢᠰᠬᠦᠯᠡᠩ ᠨᠢ ᠢᠰᠬᠦᠯᠡᠩ ᠪᠠᠷ᠂ ᠭᠠᠰᠢᠭᠤᠨ᠂ | ᠭᠤᠱᠤᠭᠤᠨ᠂ ᠡᠬᠡᠬᠦᠨ ᠨᠢ ᠭᠠᠰᠢᠭᠤᠨ ᠪᠤᠶᠤ ᠭᠤᠱᠣᠭᠤᠨ ᠤ ᠨᠢᠬᠡ ᠪᠠᠷ ᠨᠢ ᠲᠤᠰ ᠲᠤᠰ ᠰᠢᠩᠬᠡᠯᠳᠡ ᠶᠢᠨ ᠠᠮᠳᠠ | ᠪᠤᠯᠵᠦ ᠰᠢᠩᠬᠡᠨᠡ᠃ | ᠡᠳᠡᠬᠡᠷ ᠡᠭᠦᠰᠦᠭᠰᠡᠨ ᠰᠢᠩᠬᠡᠬᠡᠯᠳᠡ ᠶᠢᠨ ᠠᠮᠳᠠ ᠶᠢᠨ ᠦᠢᠯᠡᠳᠦᠯ ᠨᠢ ᠮᠦᠨ ᠠᠮᠳᠠ ᠶᠢᠨ ᠦᠢᠯᠡᠳᠦᠯ ᠲᠠᠢ | ᠶᠡᠷᠦᠩᠬᠡᠢ ᠳᠡᠭᠡᠨ ᠠᠳᠠᠯᠢᠬᠠᠨ ᠪᠤᠯᠪᠠᠴᠦ᠂ ᠰᠢᠩᠬᠡᠬᠡᠯᠳᠡ ᠠᠮᠳᠠ ᠨᠢ ᠤᠤᠯ ᠠᠮᠳᠠ ᠲᠠᠢ ᠠᠳᠠᠯᠢ ᠦᠬᠡᠢ ᠭᠠᠵᠠᠷ ᠪᠤᠢ | ᠃ ᠲᠤᠬᠠᠶᠢᠯᠠᠪᠠᠯ ᠠᠮᠳᠠᠯᠢᠭ ᠨᠢ ᠬᠡᠢ ᠰᠢᠷ᠎ᠠ ᠶᠢ᠂ ᠢᠰᠬᠦᠯᠡᠩ ᠨᠢ ᠪᠠᠳᠭᠠᠨ ᠬᠡᠢ ᠶᠢ᠂ ᠭᠠᠰᠢᠭᠤᠨ ᠨᠢ ᠪᠠᠳᠭᠠᠨ | ᠰᠢᠷ᠎ᠠ ᠶᠢ ᠠᠷᠢᠯᠭᠠᠬᠤ ᠮᠡᠳᠦ ᠪᠠᠷ ᠨᠢᠬᠡ ᠠᠮᠳᠠ ᠨᠢ ᠬᠤᠶᠠᠷ ᠬᠤᠶᠠᠷ ᠬᠡᠮ ᠢ ᠬᠠᠮᠳᠦᠳᠠ ᠠᠷᠢᠯᠭᠠᠵᠦ ᠴᠢᠳᠠᠳᠠᠭ ᠲᠤ | ᠤᠷᠤᠰᠢᠨ᠎ᠠ᠃ ᠨᠡᠨ ᠨᠢ ᠲᠠᠷᠤᠢ ᠰᠢᠩᠬᠡᠬᠡᠯᠳᠡ ᠪᠠᠷ ᠨᠠᠶᠢᠷᠠᠭᠤᠯᠬᠤ ᠠᠷᠭ᠎ᠠ ᠶᠢᠨ ᠬᠠᠨᠳᠤᠰᠢ ᠪᠤᠯᠤᠨ ᠤᠨᠴᠠᠯᠢᠭ ᠨᠢ | ᠶᠤᠮ᠃ | 4. ᠡᠮ ᠨᠠᠶᠢᠷᠠᠯᠭ᠎ᠠ ᠶᠢᠨ ᠪᠦᠷᠢᠯᠳᠦᠬᠦᠨ ᠪᠤᠯᠤᠨ ᠬᠡᠮᠵᠢᠶ᠎ᠡ᠄ ᠡᠮᠳᠦ ᠪᠤᠳᠠᠰ ᠢ ᠶᠠᠮᠠᠷ ᠵᠠᠷᠴᠢᠮ ᠢᠶᠠᠷ | ᠨᠠᠶᠢᠷᠠᠭᠤᠯᠤᠭᠰᠠᠨ ᠴᠤ ᠨᠠᠶᠢᠷᠠᠯᠭ᠎ᠠ ᠨᠢᠬᠡᠪᠤᠷᠢ ᠳᠤ ᠶᠡᠷᠦᠩᠬᠡᠢ ᠳᠡᠭᠡᠨ ᠭᠤᠤᠯᠯᠠᠭᠴᠢ ᠡᠮ᠂ ᠬᠠᠪᠰᠤᠷᠬᠤ ᠡᠮ᠂ | ᠲᠤᠰᠠᠯᠠᠬᠤ ᠡᠮ᠂ ᠦᠢᠯᠡᠴᠢᠯᠡᠬᠦ ᠡᠮ ᠵᠡᠷᠬᠡ ᠪᠦᠷᠢᠯᠳᠦᠬᠦᠨ ᠨᠦᠭᠦᠳ ᠵᠤᠬᠢᠬᠤ ᠲᠤᠭ᠎ᠠ ᠬᠡᠮᠵᠢᠶ᠎ᠡ ᠪᠠᠷ ᠤᠷᠤᠯᠴᠠᠬᠤ | ᠬᠡᠷᠡᠭᠳᠡᠢ᠃ | ᠭᠤᠤᠯᠯᠠᠭᠴᠢ ᠡᠮ᠄ ᠲᠠᠷᠤᠢ ᠶᠠᠮᠠᠷ ᠡᠪᠡᠳᠴᠢᠨ ᠪᠤᠶᠤ ᠡᠪᠡᠳᠴᠢᠯᠡᠭᠰᠡᠨ ᠤᠷᠤᠨ ᠳᠤ ᠴᠢᠭᠯᠡᠬᠦᠯᠦᠭᠰᠡᠨ ᠡᠮᠨᠡᠨ | ᠵᠠᠰᠠᠬᠤ ᠴᠢᠬᠤᠯᠨ ᠦᠢᠯᠡᠳᠦᠯ ᠭᠠᠷᠭᠠᠳᠠᠭ ᠬᠦᠯ ᠡᠮ ᠤᠳ ᠪᠤᠯᠤᠨ᠎ᠠ᠃ | ᠬᠠᠪᠰᠤᠷᠬᠤ ᠡᠮ᠄ ᠭᠤᠤᠯᠯᠠᠭᠴᠢ ᠡᠮ ᠢ ᠬᠠᠪᠰᠤᠷᠤᠨ ᠭᠤᠤᠯ ᠡᠪᠡᠳᠴᠢᠨ ᠢ ᠡᠮᠨᠡᠨ ᠵᠠᠰᠠᠬᠤ ᠶᠢᠨ ᠬᠠᠮᠳᠦ | ᠪᠤᠰᠤᠳ ᠰᠢᠨᠵᠢ ᠨᠦᠭᠦᠳ ᠲᠤ ᠦᠢᠯᠡᠳᠦᠯ ᠦᠵᠡᠬᠦᠯᠦᠨ ᠭᠤᠤᠯᠯᠠᠭᠴᠢ ᠡᠮ ᠤᠨ ᠦᠢᠯᠡᠳᠦᠯ ᠢ ᠴᠢᠩᠭᠠᠳᠬᠠᠬᠤ ᠡᠮ | ᠪᠤᠯᠤᠨ᠎ᠠ᠃ ᠡᠶᠢᠮᠦ ᠠᠴᠠ ᠭᠤᠤᠯᠯᠠᠭᠴᠢ ᠡᠮ ᠲᠠᠢ ᠪᠠᠨ ᠠᠳᠠᠯᠢ ᠬᠤᠪᠢ ᠪᠤᠶᠤ ᠨᠢᠬᠡ ᠬᠤᠪᠢ ᠲᠤᠳᠠᠭᠤ ᠬᠢᠬᠦ ᠳᠤ | ᠪᠤᠯᠤᠨ᠎ᠠ᠃ | ᠲᠤᠰᠠᠯᠠᠬᠤ ᠡᠮ᠄ ᠭᠤᠤᠯᠯᠠᠭᠴᠢ ᠡᠮ ᠢ ᠬᠠᠪᠰᠤᠷᠤᠨ᠂ ᠲᠠᠭᠠᠯᠳᠤᠬᠤ ᠡᠪᠡᠳᠴᠢᠨ ᠢ ᠡᠮᠨᠡᠨ ᠵᠠᠰᠠᠬᠤ ᠡᠮ | ᠪᠤᠯᠤᠨ᠎ᠠ᠃ ᠦᠢᠯᠡᠴᠢᠯᠡᠬᠦ ᠡᠮ᠄ ᠭᠤᠤᠯᠯᠠᠭᠴᠢ ᠡᠮ ᠪᠠ ᠬᠠᠪᠰᠤᠷᠬᠤ ᠡᠮ ᠳᠡᠭᠡᠨ ᠬᠦᠬᠡᠷᠬᠡ ᠪᠤᠯᠬᠤ ᠠᠴᠠ | ᠭᠠᠳᠠᠨ᠎ᠠ ᠨᠠᠶᠢᠷᠠᠯᠭ᠎ᠠ ᠲᠠᠢ ᠵᠢᠬᠢᠴᠠᠭᠤᠯᠬᠤ ᠦᠢᠯᠡᠳᠦᠯ ᠭᠠᠷᠭᠠᠳᠠᠭ ᠡᠮ ᠪᠤᠯᠤᠨ᠎ᠠ᠃ ᠡᠨᠡ ᠨᠢ ᠲᠤᠭᠰᠢᠨ ᠬᠤᠤᠷᠳᠦ | ᠡᠮ ᠤᠨ ᠬᠤᠤᠷ᠎ᠠ ᠶᠢ ᠪᠠᠭᠠᠰᠬᠠᠬᠤ᠂ ᠬᠤᠷᠴᠠ ᠡᠮ ᠢ ᠵᠦᠬᠡᠯᠡᠷᠡᠬᠦᠯᠬᠦ ᠮᠡᠳᠦ ᠪᠠᠷ ᠵᠤᠬᠢᠴᠠᠭᠤᠯᠬᠤ ᠡᠮ ᠤᠳ ᠪᠤᠯᠤᠨ᠎ᠠ | ᠃ ᠵᠢᠱᠢᠶ᠎ᠡ ᠨᠢ ᠪᠤᠩ ᠠ ᠤᠷᠤᠭᠰᠠᠨ ᠨᠠᠶᠢᠷᠠᠯᠭ᠎ᠠ ᠳᠤ ᠠᠷᠤᠷ᠎ᠠ ᠶᠢ ᠬᠦᠯ ᠪᠤᠯᠭᠠᠬᠤ ᠮᠡᠳᠦ᠃ | ᠬᠦᠴᠦᠨ ᠪᠠᠭ᠎ᠠ ᠲᠠᠢ ᠬᠦᠩᠬᠡᠨ ᠰᠢᠭ ᠡᠪᠡᠳᠴᠢᠨ ᠢ ᠠᠨᠠᠭᠠᠬᠤ ᠪᠠᠭ᠎ᠠ ᠰᠢᠭ᠋ ᠡᠮ ᠨᠠᠶᠢᠷᠠᠯᠭ᠎ᠠ ᠳᠤ᠄ | ᠭᠤᠤᠯᠯᠠᠭᠴᠢ ᠡᠮ ᠨᠢᠬᠡ ᠵᠦᠢᠯ᠂ ᠬᠠᠪᠰᠤᠷᠬᠤ ᠡᠮ ᠨᠢᠬᠡ ᠵᠦᠢᠯ᠂ ᠦᠢᠯᠡᠴᠢᠯᠡᠬᠦ ᠡᠮ ᠭᠤᠷᠪᠠᠨ ᠵᠦᠢᠯ ᠬᠢᠬᠦ ᠮᠡᠳᠦ | ᠪᠠᠷ ᠲᠤᠰ ᠲᠤᠰ ᠲᠤᠬᠢᠷᠠᠭᠤᠯᠤᠨ ᠬᠢᠵᠦ ᠨᠠᠶᠢᠷᠠᠭᠤᠯᠤᠨ᠎ᠠ᠃ ᠵᠢᠱᠢᠶ᠎ᠡ ᠨᠢ ᠭᠤᠶᠤ —7 ᠮᠡᠳᠦ᠃ | ᠲᠤᠮᠳᠠ ᠵᠡᠷᠬᠡ ᠶᠢᠨ ᠬᠦᠴᠦᠨ ᠲᠠᠢ ᠬᠦᠨᠳᠦ ᠰᠢᠭ ᠡᠪᠡᠳᠴᠢᠨ ᠢ ᠠᠨᠠᠭᠠᠬᠤ ᠲᠤᠮᠳᠠ ᠶᠢᠨ ᠨᠠᠶᠢᠷᠠᠯᠭ᠎ᠠ ᠳᠤ᠄ | ᠭᠤᠤᠯᠯᠠᠭᠴᠢ ᠡᠮ ᠨᠢᠬᠡ ᠵᠦᠢᠯ᠂ ᠬᠠᠪᠰᠤᠷᠬᠤ ᠡᠮ ᠨᠢᠬᠡ ᠵᠦᠢᠯ᠂ ᠲᠤᠰᠠᠯᠠᠬᠤ ᠡᠮ ᠭᠤᠷᠪᠠᠨ ᠵᠦᠢᠯ᠂ ᠦᠢᠯᠡᠴᠢᠯᠡᠬᠦ | ᠡᠮ ᠲᠠᠪᠤᠨ ᠵᠦᠢᠯ ᠢ ᠬᠢᠵᠦ ᠲᠤᠰ ᠲᠤᠰ ᠲᠤᠬᠢᠷᠠᠭᠤᠯᠤᠨ ᠨᠠᠶᠢᠷᠠᠭᠤᠯᠤᠨ᠎ᠠ᠃ ᠵᠢᠱᠢᠶ᠎ᠡ ᠨᠢ ᠭᠠᠷᠨᠠᠭ — 10 ᠮᠡᠳᠦ᠃ | | ᠬᠦᠴᠦᠨ ᠶᠡᠬᠡᠳᠡᠢ ᠬᠦᠨᠳᠦ ᠡᠪᠡᠳᠴᠢᠨ ᠢ ᠠᠨᠠᠭᠠᠬᠤ ᠶᠡᠭᠡ ᠰᠢᠭ ᠡᠮ ᠨᠠᠶᠢᠷᠠᠯᠭ᠎ᠠ ᠳᠤ᠄ ᠭᠤᠤᠯᠯᠠᠭᠴᠢ ᠡᠮ | ᠬᠤᠶᠠᠷ ᠵᠦᠢᠯ᠂ ᠬᠠᠪᠰᠤᠷᠬᠤ ᠡᠮ ᠬᠤᠶᠠᠷ ᠵᠦᠢᠯ᠂ ᠲᠤᠰᠠᠯᠠᠬᠤ ᠡᠮ ᠲᠠᠪᠤᠨ ᠵᠦᠢᠯ᠂ ᠦᠢᠯᠡᠴᠢᠯᠡᠬᠦᠯᠬᠦ ᠡᠮ | ᠶᠢᠰᠦᠨ ᠵᠦᠢᠯ ᠢ ᠬᠢᠵᠦ ᠨᠠᠶᠢᠷᠠᠭᠤᠯᠤᠨ᠎ᠠ᠃ ᠵᠢᠱᠢᠶ᠎ᠡ ᠨᠢ ᠬᠢᠸᠠᠩ — 18 ᠮᠡᠳᠦ᠃ | ᠶᠡᠷᠦᠩᠬᠡᠢ ᠳᠡᠭᠡᠨ ᠭᠤᠤᠯᠯᠠᠭᠴᠢ ᠡᠮ ᠢ ᠲᠠᠪᠤᠨ ᠬᠤᠪᠢ ᠬᠢᠭᠰᠡᠨ ᠪᠤᠯ ᠬᠠᠪᠰᠤᠷᠬᠤ ᠡᠮ ᠢ ᠲᠦᠷᠪᠡᠨ ᠬᠤᠪᠢ᠂ | ᠲᠤᠰᠠᠯᠠᠬᠤ ᠡᠮ ᠭᠤᠷᠪᠠᠨ ᠬᠤᠪᠢ᠂ ᠦᠢᠯᠡᠴᠢᠯᠡᠬᠦ ᠡᠮ ᠢ ᠲᠤᠰᠪᠤᠷᠢ ᠨᠢᠵᠡᠬᠡᠳ ᠬᠤᠪᠢ ᠬᠢᠵᠦ ᠨᠠᠶᠢᠷᠠᠭᠤᠯᠤᠨ᠎ᠠ᠃ | | ᠡᠮ ᠨᠠᠶᠢᠷᠠᠯᠭ᠎ᠠ ᠳᠤ ᠬᠦᠯ ᠪᠤᠯᠬᠤ ᠡᠮ ᠨᠢᠬᠡᠪᠦᠷᠢ ᠶᠢᠨ ᠬᠡᠮᠵᠢᠶ᠎ᠡ ᠶᠢ ᠲᠤᠳᠤᠷᠬᠠᠢ ᠲᠡᠮᠳᠡᠭᠯᠡᠵᠦ ᠪᠠᠶᠢᠪᠠᠯ ᠮᠦᠨ | ᠲᠡᠷᠡ ᠶᠤᠰᠤᠭᠠᠷ ᠬᠢᠬᠦ︔ ᠡᠮ ᠨᠠᠶᠢᠷᠠᠯᠭ᠎ᠠ ᠳᠤ ᠬᠦᠯ ᠪᠤᠯᠬᠤ ᠡᠮ ᠤᠨ ᠨᠡᠷᠡᠰ ᠢ ᠵᠢᠭᠰᠠᠭᠠᠭᠰᠠᠨ ᠪᠤᠯᠪᠠᠴᠦ ᠲᠤᠰ | ᠲᠤᠰ ᠲᠤᠨᠢ ᠤᠷᠤᠬᠤ ᠬᠡᠮᠵᠢᠶ᠎ᠡ ᠶᠢ ᠬᠡᠯᠡᠭᠰᠡᠨ ᠦᠬᠡᠢ ᠪᠠᠶᠢᠪᠠᠯ ︽ᠤᠪᠠᠳᠢᠰ ᠤᠨ ᠦᠨᠳᠦᠰᠦ︾ ᠪᠤᠯᠤᠨ ︽ | ᠰᠢᠨᠵᠢᠯᠡᠯ ᠵᠠᠰᠠᠯ ᠤᠨ ᠦᠨᠳᠦᠰᠦᠨ︾ ᠤ ᠡᠮ ᠨᠠᠶᠢᠷᠠᠯᠭ᠎ᠠ ᠨᠤᠭᠤᠳ ᠢ ᠭᠤᠤᠯᠯᠠᠭᠴᠢ ᠡᠮ ᠢ ᠪᠤᠰᠤᠳ ᠠᠴᠠ ᠪᠠᠭ᠋ᠠᠨ | ᠢᠯᠡᠬᠦᠦ ᠬᠤᠶᠠᠷ ᠲᠠᠬᠢᠨ ᠬᠡᠮᠵᠢᠶ᠎ᠡ ᠪᠠᠷ ᠬᠢᠵᠦ᠂ ᠲᠠᠭᠠᠯᠳᠤᠭᠴᠢ ᠡᠮ ᠤᠳ ᠢ ᠴᠦᠮ ᠨᠢᠬᠡ ᠬᠤᠪᠢ ᠪᠠᠷ ᠰᠠᠴᠠᠭᠤ | ᠬᠢᠪᠡᠯ ᠪᠤᠯᠴᠢᠬᠠᠨ᠎ᠠ᠃ | ᠡᠮ ᠨᠠᠶᠢᠷᠠᠯᠭ᠎ᠠ ᠶᠢᠨ ᠨᠡᠮᠡᠷᠢ᠄ ᠨᠡᠮᠡᠷᠢ ᠡᠮ ᠬᠡᠳᠡᠭ ᠨᠢ ᠡᠮᠴᠢᠯᠡᠬᠡᠨ ᠲᠡᠭᠡᠷ᠎ᠡ ᠡᠪᠡᠳᠴᠢᠨ ᠤ ᠰᠢᠨᠵᠢ ᠪᠤᠶᠤ | ᠡᠪᠡᠳᠴᠢᠯᠡᠭᠰᠡᠨ ᠤᠷᠤᠨ ᠳᠤᠨᠢ ᠴᠢᠭᠯᠡᠬᠦᠯᠦᠨ ᠲᠤᠰᠬᠠᠢ ᠦᠢᠯᠡᠳᠦᠯ ᠲᠠᠢ ᠨᠢᠬᠡ ᠪᠤᠶᠤ ᠬᠤᠶᠠᠷ ᠬᠦᠯ ᠡᠮᠳᠦ ᠪᠤᠳᠠᠰ ᠢ | ᠰᠤᠩᠭᠤᠨ᠂ ᠲᠤᠬᠠᠶᠢᠳᠦ ᠡᠮ ᠨᠠᠶᠢᠷᠠᠯᠭ᠎ᠠ ᠶᠢᠨ ᠲᠡᠭᠡᠷ᠎ᠡ ᠵᠤᠬᠢᠬᠤ ᠬᠡᠮᠵᠢᠶ᠎ᠡ ᠪᠠᠷ ᠨᠡᠮᠡᠷᠢᠯᠡᠵᠦ ᠬᠡᠷᠡᠭᠯᠡᠳᠡᠭ ᠪᠤᠳᠠᠰ | ᠮᠦᠨ᠃ | ᠭᠤᠷᠪᠠᠳᠤᠭᠠᠷ ᠬᠡᠰᠡᠭ ᠡᠮ ᠨᠠᠶᠢᠷᠠᠭᠤᠯᠬᠤ ᠶᠢ ᠬᠡᠷᠡᠭᠯᠡᠬᠦ ᠮᠡᠳᠡᠯᠬᠡ | ᠡᠮ ᠤᠨ ᠵᠤᠷ᠄ ᠡᠨᠡ ᠪᠤᠯ ᠡᠮᠴᠢᠯᠡᠭᠡ ᠪᠠ ᠡᠮ ᠨᠠᠶᠢᠷᠠᠭᠤᠯᠬᠤ ᠳᠤ ᠬᠡᠷᠡᠭᠯᠡᠬᠦ ᠴᠢᠬᠤᠯᠨ ᠦᠨᠳᠦᠰᠦ ᠪᠠᠷᠢᠮᠳᠠᠯᠠᠯ | ᠪᠤᠯᠬᠤ ᠪᠢᠴᠢᠭ ᠮᠠᠲ᠋ᠧᠷᠢᠶᠠᠯ ᠮᠦᠨ᠃ ᠡᠪᠡᠳᠴᠢᠳᠠᠨ ᠳᠤ ᠪᠢᠴᠢᠵᠦ ᠦᠭᠭᠦᠭᠰᠡᠨ ᠵᠤᠷ ᠪᠠ ᠡᠮ ᠨᠠᠶᠢᠷᠠᠭᠤᠯᠬᠤ ᠳᠤ | ᠪᠢᠴᠢᠵᠦ ᠦᠭᠭᠦᠭᠰᠡᠨ ᠵᠤᠷ ᠬᠡᠵᠦ ᠬᠤᠶᠠᠷ ᠠᠭᠤᠯᠭ᠎ᠠ ᠶᠢ ᠪᠠᠭᠳᠠᠭᠠᠨ᠎ᠠ᠃ ᠡᠮ ᠤᠨ ᠲᠤᠯᠢ ᠪᠤᠯᠤᠨ ᠡᠮ ᠤᠨ | ᠪᠠᠷᠢᠮᠵᠢᠶ᠎ᠠ ᠳᠤ ᠪᠢᠴᠢᠭᠰᠡᠨ ᠵᠤᠷ ᠪᠤᠯ ᠲᠠᠷᠤᠢ ᠡᠮ ᠨᠠᠶᠢᠷᠠᠭᠤᠯᠬᠤ ᠳᠤ ᠬᠡᠷᠡᠭᠯᠡᠬᠦ ᠵᠤᠷ ᠮᠦᠨ᠃ | ᠶᠡᠷᠦ ᠶᠢᠨ ᠡᠮ ᠤᠨ ᠵᠤᠷ ᠤᠨ ᠬᠠᠭᠤᠳᠠᠰᠦ ᠶᠢ ᠨᠢᠬᠡ ᠵᠢᠯ ᠬᠠᠳᠠᠭᠠᠯᠠᠵᠦ᠂ ᠲᠤᠭᠰᠢᠨ ᠬᠤᠤᠷᠲᠠᠢ ᠡᠮᠳᠦ | ᠪᠤᠳᠠᠰ ᠬᠡᠷᠡᠭᠯᠡᠭᠰᠡᠨ ᠵᠤᠷ ᠤᠨ ᠬᠠᠭᠤᠳᠠᠰᠦ ᠶᠢ ᠬᠤᠶᠠᠷ ᠵᠢᠯ ᠬᠠᠳᠠᠭᠠᠯᠠᠨ᠎ᠠ᠃ | ᠡᠮ ᠤᠨ ᠵᠤᠷ ᠤᠨ ᠪᠦᠳᠦᠴᠠ᠄ ᠪᠦᠷᠢᠨ ᠪᠦᠳᠦᠨ ᠮᠤᠩᠭᠤᠯ ᠡᠮ ᠤᠨ ᠵᠤᠷ ᠢ ᠡᠬᠢ᠂ ᠲᠤᠮᠳᠠ᠂ ᠰᠡᠬᠦᠯ | ᠬᠡᠵᠦ ᠭᠤᠷᠪᠠᠨ ᠬᠡᠰᠡᠭ ᠬᠤᠪᠢᠶᠠᠨ᠎ᠠ᠃ | ᠡᠬᠢᠨ ᠤ ᠬᠡᠰᠡᠭ ᠲᠤ ᠡᠪᠡᠳᠴᠢᠳᠠᠨ ᠤ ᠨᠡᠷ᠎ᠡ᠂ ᠨᠠᠰᠦ ᠴᠢᠨᠠᠷ ᠤᠨ ᠢᠯᠭᠠᠯ᠂ ᠤᠷᠤᠨ ᠰᠠᠭᠤᠴᠠ ᠪᠠ | ᠪᠠᠶᠢᠭᠤᠯᠤᠯᠭ᠎ᠠ᠂ ᠡᠮᠨᠡᠯᠬᠡ ᠶᠢᠨ ᠬᠤᠷᠢᠶᠠᠨ ᠤ ᠪᠦᠷᠢᠨ ᠨᠡᠷ᠎ᠡ᠂ ᠡᠪᠡᠳᠴᠢᠳᠡᠨ ᠤ ᠤᠷᠤᠨ ᠰᠠᠭᠤᠴᠠ ᠪᠤᠶᠤ ᠤᠷᠤ | ᠶᠢᠨ ᠨᠤᠮᠧᠷ᠂ ᠤᠨ᠂ ᠰᠠᠷ᠎ᠠ᠂ ᠡᠳᠦᠷ᠂ ᠡᠬᠦᠳᠡᠨ ᠡᠮᠨᠡᠯᠬᠡ ᠶᠢᠨ ᠨᠤᠮᠧᠷ ᠵᠡᠷᠬᠡ ᠶᠢ ᠪᠢᠴᠢᠨ᠎ᠡ᠃ | ᠲᠤᠮᠳᠠ ᠬᠡᠰᠡᠭ ᠲᠤ ᠤᠤᠭᠤᠬᠤ ᠴᠠᠭ᠂ ᠬᠡᠷᠡᠭᠯᠡᠬᠦ ᠬᠡᠮᠵᠢᠶ᠎ᠡ᠂ ᠬᠡᠷᠡᠭᠯᠡᠬᠦ ᠬᠤᠭᠤᠴᠠᠭ᠎ᠠ᠂ ᠬᠡᠷᠡᠭᠯᠡᠬᠦ ᠠᠷᠭ᠎ᠠ ᠶᠢ | ᠲᠤᠳᠤᠷᠬᠠᠢ ᠪᠢᠴᠢᠨ᠎ᠡ᠃ ᠬᠡᠬᠦ ᠳᠡᠭᠡᠨ ᠭᠤᠤᠯ ᠡᠮ ᠢᠶᠠᠨ ᠤᠷᠢᠳᠠᠪᠠᠷ ᠪᠢᠴᠢᠵᠦ᠂ ᠤᠤᠭᠤᠬᠤ ᠴᠠᠭ ᠢ ᠲᠡᠬᠦᠨ ᠤ | ᠲᠡᠭᠡᠷ᠎ᠡ ᠵᠠᠬᠦᠨ ᠠᠴᠠ ᠪᠠᠷᠠᠭᠤᠨᠰᠢ ᠡᠷᠳᠡ᠂ ᠦᠳᠡ᠂ ᠤᠷᠤᠢ ᠬᠡᠬᠦ ᠮᠡᠳᠦ ᠪᠠᠷ ᠲᠠᠷᠠᠭᠠᠯᠠᠨ ᠪᠢᠴᠢᠵᠦ᠂ ᠡᠮ ᠤᠨ | ᠬᠡᠮᠵᠢᠶ᠎ᠡ ᠶᠢ ᠡᠮ ᠤᠨ ᠨᠡᠷ᠎ᠡ ᠶᠢᠨ ᠲᠤᠤᠷ᠎ᠠ ᠬᠦᠨᠳᠡᠯᠡᠨ ᠵᠢᠰᠢᠬᠦᠦ ᠵᠢᠷᠤᠭᠠᠰᠦ ᠳᠠᠳᠠᠵᠦ᠂ ᠨᠢᠬᠡ ᠤᠳᠠᠭᠠᠨ ᠤ ᠬᠡᠮᠵᠢᠶ᠎ᠡ | ᠶᠢ ᠪᠢᠴᠢᠬᠡᠳ᠂ ᠬᠡᠳᠦᠢ ᠬᠤᠭᠤᠴᠠᠭ᠎ᠠ ᠤᠤᠭᠤᠪᠠᠯ ᠲᠡᠳᠦᠢ ᠪᠠᠷ ᠦᠷᠡᠵᠢᠬᠦᠯᠦᠭᠰᠡᠨ ᠲᠤᠭ᠎ᠠ ᠶᠢ ᠪᠢᠴᠢᠬᠦ ᠶᠢᠨ ᠬᠠᠮᠳᠦ | ᠬᠡᠷᠡᠭᠯᠡᠬᠦ ᠠᠷᠭ᠎ᠠ ᠶᠢ ᠪᠢᠴᠢᠨ᠎ᠡ᠃ ᠬᠠᠪᠰᠤᠷᠠᠬᠤ ᠡᠮ ᠶᠢ ᠦᠭᠬᠦ ᠳᠡᠭᠡᠨ ᠠᠯᠢ ᠭᠤᠤᠯ ᠡᠮ ᠲᠠᠢ ᠪᠠᠨ | ᠬᠠᠪᠰᠤᠷᠤᠭᠤᠯᠬᠤ ᠪᠤᠯ ᠲᠡᠬᠦᠨ ᠤ ᠠᠷᠦ ᠳᠤ ᠵᠡᠷᠬᠡᠴᠡᠭᠡ ᠪᠠᠶᠢᠷᠢᠨ ᠳᠤ ᠪᠢᠴᠢᠵᠦ᠂ ᠬᠤᠶᠠᠭᠤᠯᠨ ᠪᠠᠨ ᠪᠦᠷ ᠦᠷᠢᠯ | ᠪᠤᠯ ᠲᠤᠰ ᠲᠤᠰ ᠤᠨ ᠬᠢᠨᠢ ᠲᠤᠤᠷ᠎ᠠ ᠤᠳᠠᠭ᠎ᠠ ᠪᠦᠷᠢ ᠬᠡᠳᠦᠨ ᠦᠷᠢᠯ ᠢᠶᠠᠷ ᠦᠭᠬᠦ ᠪᠠᠨ ᠪᠢᠴᠢᠵᠦ ᠲᠡᠬᠢᠨ ᠲᠤᠤᠷ᠎ᠠ | ᠨᠢ ᠵᠢᠰᠢᠬᠦᠦ ᠬᠦᠨᠳᠡᠯᠡᠨ ᠵᠢᠷᠤᠭᠠᠰᠦ ᠳᠠᠳᠠᠵᠦ ᠬᠡᠳᠦᠢ ᠬᠤᠭᠤᠴᠠᠭ᠎ᠠ ᠤᠤᠭᠤᠬᠤ ᠶᠢ ᠲᠤᠳᠤᠷᠬᠠᠶᠢᠯᠠᠨ᠎ᠠ᠃ ᠬᠡᠷᠪᠡ | ᠨᠢᠬᠡ ᠨᠢ ᠲᠠᠯᠠᠬ᠎ᠠ᠂ ᠨᠦᠬᠦᠬᠡ ᠨᠢ ᠦᠷᠢᠯ ᠪᠤᠯ ᠬᠦᠨᠳᠡᠯᠡᠨ ᠵᠢᠷᠦᠭᠠᠰᠦᠨ ᠤ ᠲᠤᠤᠷ᠎ᠠ ᠬᠡᠳᠦ ᠶᠢ ᠦᠷᠡᠵᠢᠬᠦᠯᠬᠦ ᠬᠡᠳᠦ | ᠬᠡᠳᠦ ᠬᠡᠵᠦ ᠪᠢᠴᠢᠨ᠎ᠡ᠃ ᠬᠤᠶᠠᠭᠤᠯᠨ ᠪᠠᠨ ᠲᠠᠯᠬ᠎ᠠ ᠪᠤᠯ ᠬᠦᠨᠳᠡᠯᠡᠨ ᠵᠢᠷᠦᠭᠠᠰᠦᠨ ᠤ ᠲᠤᠤᠷ᠎ᠠ ᠰᠢᠭᠤᠳ ᠬᠡᠳᠦᠢ | ᠬᠡᠮᠵᠢᠶ᠎ᠡ ᠪᠠᠷ ᠬᠡᠳᠦᠢ ᠬᠤᠭᠤᠴᠠᠭ᠎ᠠ ᠭᠡᠷᠡᠭᠯᠡᠬᠦ ᠪᠠᠨ ᠪᠢᠴᠢᠨ᠎ᠡ᠃ ᠬᠦᠯᠬᠡ ᠶᠢ ᠬᠡᠷᠡᠭᠯᠡᠬᠦ ᠳᠡᠭᠡᠨ ᠬᠦᠯᠬᠡ ᠲᠠᠢ ᠦᠭᠬᠦ | ᠭᠤᠤᠯ ᠡᠮ ᠤᠨ ᠠᠷᠦ ᠳᠤᠨᠢ ᠤᠯᠠᠭᠠᠨ ᠮᠦᠷ ᠠᠴᠠ ᠬᠦᠯᠬᠡ ᠬᠡᠵᠦ ᠪᠢᠴᠢᠬᠡᠳ ᠲᠤᠤᠷ᠎ᠠ ᠲᠠᠯ᠎ᠠ ᠳᠤᠨᠢ ᠶᠠᠮᠠᠷ ᠡᠮ ᠢ | ᠬᠡᠳᠦᠢ ᠬᠡᠮᠵᠢᠶ᠎ᠡ ᠪᠠᠷ ᠬᠢᠷᠬᠢᠨ ᠬᠡᠷᠡᠭᠯᠡᠬᠦ ᠪᠠᠨ ᠲᠤᠳᠤᠷᠬᠠᠶᠢᠯᠡᠨ ᠪᠢᠴᠢᠨ᠎ᠡ᠃ ᠨᠡᠮᠡᠷᠢ ᠡᠮ ᠬᠡᠷᠡᠭᠯᠡᠪᠡᠯ ᠨᠡᠷ᠎ᠡ ᠶᠢ ᠨᠢ | ᠭᠤᠤᠯ ᠡᠮ ᠤᠨ ᠠᠷᠦ ᠲᠠᠯ᠎ᠠ ᠳᠤ ᠵᠡᠷᠬᠡᠴᠡᠭᠦᠯᠦᠨ ᠪᠢᠴᠢᠵᠦ᠂ ᠲᠤᠤᠷ᠎ᠠ ᠲᠠᠯ᠎ᠠ ᠳᠤᠨᠢ ᠤᠳᠠᠭ᠎ᠠ ᠪᠦᠷᠢ ᠬᠡᠳᠦᠢ | ᠬᠡᠮᠵᠢᠶ᠎ᠡ ᠪᠠᠷ ᠨᠡᠮᠡᠷᠢᠯᠡᠬᠦ ᠪᠠᠨ ᠲᠤᠳᠤᠷᠬᠠᠶᠢᠯᠠᠨ ᠪᠢᠴᠢᠨ᠎ᠡ᠃ ᠬᠤᠶᠠᠷ ᠵᠦᠢᠯ ᠤᠨ ᠨᠠᠶᠢᠷᠠᠯᠭ᠎ᠠ ᠶᠢ ᠨᠢᠬᠡ ᠠᠳᠠᠯᠢ ᠴᠠᠭ | ᠲᠤ ᠡᠭᠡᠯᠵᠢᠯᠡᠬᠦᠯᠦᠨ ᠬᠡᠷᠡᠭᠯᠡᠪᠡᠯ ᠬᠤᠶᠠᠭᠤᠯᠨ ᠶᠢᠨ ᠨᠡᠷ᠎ᠡ ᠶᠢ ᠵᠡᠷᠭᠡᠴᠡᠬᠦᠯᠦᠨ ᠪᠢᠴᠢᠬᠡᠳ ᠲᠤᠤᠷ᠎ᠠ ᠨᠢ ᠡᠭᠡᠯᠵᠢᠯᠡᠬᠦ | ᠬᠡᠵᠦ ᠲᠤᠳᠤᠷᠬᠠᠢ ᠪᠢᠴᠢᠨ᠎ᠡ᠃ | ᠰᠡᠬᠦᠯ ᠤᠨ ᠬᠡᠰᠡᠭ ᠲᠤ ᠵᠤᠷ ᠪᠢᠴᠢᠭᠰᠡᠨ ᠡᠮᠴᠢ ᠨᠡᠷ᠎ᠡ ᠪᠠᠨ ᠪᠢᠴᠢᠬᠦ ᠪᠤᠶᠤ ᠦᠪᠡᠷ ᠤᠨ ᠲᠠᠮᠠᠭ᠎ᠠ ᠪᠠᠨ | ᠲᠠᠷᠤᠨ᠎ᠠ᠃ ᠡᠮ ᠪᠠᠷᠢᠭᠴᠢ ᠪᠠᠰᠠ ᠡᠪᠡᠳᠴᠢᠳᠡᠨ ᠳᠤ ᠡᠮ ᠢᠶᠠᠨ ᠵᠦᠪ ᠤᠨᠤᠪᠴᠢᠳᠠᠢ ᠪᠤᠭᠤᠵᠦ ᠭᠠᠷᠳᠠᠭᠤᠯᠤᠭᠰᠠᠨ | ᠤ ᠲᠠᠷᠠᠭ᠎ᠠ ᠮᠦᠨ ᠵᠤᠷ ᠤᠨ ᠬᠠᠭᠤᠳᠠᠰᠦᠨ ᠳᠡᠭᠡᠷ᠎ᠡ ᠨᠡᠷ᠎ᠡ ᠪᠠᠨ ᠪᠢᠴᠢᠵᠦ ᠬᠠᠳᠠᠭᠠᠯᠠᠨ᠎ᠠ᠃ | ᠡᠮ ᠨᠠᠶᠢᠷᠠᠯᠭ᠎ᠠ ᠶᠢ ᠬᠡᠷᠡᠭᠯᠡᠬᠦ ᠶᠤᠰᠤ᠄ | ᠡᠮ ᠤᠤᠭᠤᠯᠭᠠᠬᠤ ᠶᠤᠰᠤᠨ ᠳᠤ ᠦᠯᠦᠨ ᠪᠠᠷ᠂ ᠬᠤᠭᠤᠯᠠᠨ ᠤ ᠡᠮᠦᠨ᠎ᠡ᠂ ᠬᠤᠭᠤᠯᠠᠨ ᠤ ᠲᠤᠮᠳᠠ᠂ | ᠬᠤᠭᠤᠯᠠᠨ ᠤ ᠰᠡᠬᠦᠯ᠂ ᠬᠤᠭᠤᠯᠨ ᠲᠠᠢ ᠡᠬᠡᠯᠵᠢᠯᠡᠬᠦᠯᠬᠦ᠂ ᠬᠤᠭᠤᠯᠠᠨ ᠤ ᠵᠠᠪᠰᠠᠷ᠂ ᠲᠤᠭᠳᠠᠮᠠᠯ ᠴᠠᠭ ᠦᠬᠡᠢ ᠪᠠᠷ | ᠲᠠᠬᠢᠨ ᠲᠠᠬᠢᠨ ᠤᠤᠭᠤᠯᠠᠭᠠᠬᠤ᠂ ᠬᠤᠭᠤᠯᠠᠨ ᠳᠤᠨᠢ ᠡᠮ ᠢᠶᠠᠨ ᠬᠢᠵᠦ ᠢᠳᠡᠬᠦᠯᠬᠦ᠂ ᠬᠤᠭᠤᠯᠨ ᠶᠢ ᠬᠠᠪᠴᠢᠬᠤ᠂ | ᠰᠦᠨᠢ ᠤᠤᠭᠤᠯᠭᠠᠬᠤ ᠵᠡᠷᠬᠡ ᠤᠯᠠᠮᠵᠢᠯᠠᠯᠳᠦ ᠠᠷᠪᠠᠨ ᠶᠤᠰᠤ ᠪᠤᠢ᠃ | ᠪᠠᠰᠠᠡᠮ ᠰᠢᠪᠠᠭ᠋ᠤ᠂ ᠡᠮ ᠲᠦᠷᠬᠢᠬᠦ᠂ ᠡᠮ ᠢᠶᠠᠷ ᠤᠬᠢᠶᠠᠬᠤ᠂ ᠡᠮ ᠦᠯᠢᠶᠡᠬᠦ᠂ ᠰᠢᠯᠤᠭᠤᠨ ᠬᠡᠳᠡᠰᠦ ᠪᠠᠷ | ᠡᠮ ᠲᠠᠯᠪᠢᠬᠤ᠂ ᠡᠮ ᠲᠤᠰᠤᠯᠭᠠᠬᠤ᠂ ᠡᠮ ᠢᠶᠠᠷ ᠵᠠᠶᠢᠯᠠᠬᠤ᠂ ᠡᠮ ᠲᠠᠳᠠᠭᠤᠯᠬᠤ᠂ ᠡᠮ ᠢᠶᠠᠷ ᠤᠳᠤᠬᠤ᠂ | ᠲᠡᠪᠳᠦᠬᠡᠯᠬᠡ᠂ ᠵᠢᠩ ᠲᠠᠯᠪᠢᠬᠤ᠂ ᠡᠮ ᠦᠷᠦᠬᠦ᠂ ᠤᠯᠠᠷᠢᠯ ᠯᠤᠭ᠎ᠠ ᠲᠤᠬᠢᠷᠠᠭᠤᠯᠤᠨ᠂ ᠴᠠᠭ ᠢ ᠲᠤᠬᠢᠷᠠᠭᠤᠯᠤᠨ | ᠬᠡᠷᠡᠭᠯᠡᠬᠦ᠂ ᠡᠮ ᠨᠠᠶᠢᠷᠠᠯᠭ᠎ᠠ ᠶᠢ ᠡᠬᠡᠯᠵᠢᠯᠡᠬᠦᠯᠦᠨ ᠬᠠᠪᠰᠤᠷᠤᠭᠤᠯᠨ ᠬᠡᠷᠡᠭᠯᠡᠬᠦ ᠬᠡᠷᠡᠭᠯᠡᠬᠦ ᠵᠡᠷᠭᠡ ᠤᠯᠠᠨ ᠠᠷᠭ᠎ᠠ ᠪᠤᠢ᠃ | | ᠠᠷᠪᠠᠳᠦ ᠪᠠᠷ ᠳᠠᠪᠰᠢᠬᠤ ᠲᠤᠮᠳᠠᠳᠦ ᠶᠢᠨ ᠬᠡᠮᠵᠢᠬᠦᠷ ᠤᠨ ᠰᠢᠰᠲ᠋ᠧᠮ ᠤᠨ ᠯᠠᠩ᠂ ᠴᠢᠨ᠂ ᠫᠦᠨ ᠬᠢᠬᠡᠳ | ᠲᠡᠯᠡᠬᠡᠢ ᠨᠡᠶᠢᠳᠡ ᠶᠢᠨ ᠬᠡᠮᠵᠢᠭᠦᠷ ᠤᠨ ᠭᠷᠠᠮ ᠤᠨ ᠬᠠᠷᠢᠴᠠᠭ᠎ᠠ᠄ 1 ᠯᠠᠩ = 50 ᠭᠷᠠᠮ᠂ 1 ᠴᠢᠨ = 5 ᠭᠷᠠᠮ᠂ 1 | ᠫᠦᠨ = 0.5 ᠭᠷᠠᠮ᠂ 1 ᠯᠢ =0.05 ᠭᠷᠠᠮ | ᠠᠷᠪᠠᠨ ᠵᠢᠷᠭᠤᠭᠠᠳᠦ ᠪᠠᠷ ᠳᠠᠪᠰᠢᠬᠤ ᠲᠤᠮᠳᠠᠳᠦ ᠶᠢᠨ ᠬᠡᠮᠵᠢᠬᠦᠷ ᠤᠨ ᠰᠢᠰᠲ᠋ᠧᠮ ᠤᠨ ᠯᠠᠩ᠂ ᠴᠢᠨ᠂ ᠫᠦᠨ | ᠬᠢᠬᠡᠳ ᠲᠡᠯᠡᠬᠡᠢ ᠨᠡᠶᠢᠳᠡ ᠶᠢᠨ ᠬᠡᠮᠵᠢᠭᠦᠷ ᠤᠨ ᠭᠷᠠᠮ ᠤᠨ ᠬᠠᠷᠢᠴᠠᠭ᠎ᠠ᠄ 1 ᠯᠠᠩ = 31.25 ᠭᠷᠠᠮ᠂ 1 ᠴᠢᠨ | =3.125 ᠭᠷᠠᠮ᠂ 1 ᠫᠦᠨ = 0.3125 ᠭᠷᠠᠮ᠂ 1 ᠯᠢ = 0.03125 ᠭᠷᠠᠮ | ᠡᠮ ᠬᠡᠷᠡᠭᠯᠡᠬᠦ ᠬᠡᠮᠵᠢᠶ᠎ᠡ᠄ ᠨᠠᠰᠦᠨ ᠳᠤ ᠬᠦᠷᠦᠭᠰᠡᠳ ᠲᠤ ᠡᠩ ᠤᠨ ᠡᠮ ᠢ ᠲᠠᠩ ᠪᠤᠯ 3 —5 ᠭᠷᠠᠮ᠂ | ᠲᠠᠯᠬ᠎ᠠ ᠪᠤᠯ 1.5 — 3 ᠭᠷᠠᠮ᠂ ᠦᠷᠢᠯ ᠪᠤᠯ 11 — 15 ᠦᠷᠢᠯ ᠬᠡᠷᠡᠭᠯᠡᠨ᠎ᠡ᠃ ᠬᠤᠤᠷ᠎ᠠ ᠲᠠᠢ ᠡᠮ ᠪᠤᠯ | ᠬᠤᠤᠷ᠎ᠠ ᠨᠢ ᠪᠠᠭ᠎ᠠ ᠰᠢᠭ᠋ ᠪᠤᠯ0.15625 —0.3125 ᠭᠷᠠᠮ ᠬᠡᠷᠡᠭᠯᠡᠵᠦ᠂ ᠬᠤᠤᠷ᠎ᠠ ᠨᠢ ᠶᠡᠭᠡ ᠪᠤᠯ1 —2 | ᠬᠠᠤ ᠪᠠᠷ ᠬᠡᠷᠡᠭᠯᠡᠨ᠎ᠡ᠃ ᠬᠡᠦᠬᠡᠳ ᠲᠤ ᠪᠤᠯ 1 — 5 ᠨᠠᠰᠦᠨ ᠤ ᠬᠡᠦᠬᠡᠳ ᠲᠤ ᠨᠠᠰᠦᠨ ᠤ ᠬᠦᠷᠦᠭᠰᠡᠳ ᠲᠤ | ᠬᠡᠷᠡᠭᠯᠡᠬᠦ ᠬᠡᠮᠵᠢᠶ᠎ᠡ ᠶᠢᠨ ᠲᠦᠷᠪᠡᠨ ᠤ ᠨᠢᠬᠡ ᠬᠤᠪᠢ ᠬᠡᠷᠡᠭᠯᠡᠨ᠎ᠡ᠃ 6 — 15 ᠨᠠᠰᠦᠨ ᠤ ᠬᠡᠦᠬᠡᠳ ᠪᠤᠯ ᠨᠠᠰᠦᠨ ᠤ | ᠬᠦᠷᠦᠭᠰᠡᠳ ᠲᠤ ᠬᠡᠷᠡᠭᠯᠡᠬᠦ ᠬᠡᠮᠵᠢᠶ᠎ᠡ ᠶᠢᠨ ᠬᠤᠶᠠᠷᠠᠨ ᠤ ᠨᠢᠬᠡ ᠬᠤᠪᠢ ᠪᠠᠷ ᠬᠡᠷᠡᠭᠯᠡᠨ᠎ᠡ᠃ 16 ᠨᠠᠰᠦᠨ ᠠᠴᠠ | ᠲᠡᠭᠡᠭᠰᠢ ᠪᠤᠯ ᠨᠠᠰᠦᠨ ᠤ ᠬᠦᠷᠦᠭᠰᠡᠳ ᠲᠤ ᠬᠡᠷᠡᠭᠯᠡᠬᠦ ᠬᠡᠮᠵᠢᠶ᠎ᠡ ᠲᠠᠢ ᠠᠳᠠᠯᠢ ᠬᠡᠷᠡᠭᠯᠡᠨ᠎ᠡ᠃ | ᠡᠮ ᠨᠠᠶᠢᠷᠠᠯᠭ᠎ᠠ ᠶᠢᠨ ᠴᠡᠬᠡᠷᠯᠡᠯ᠄ ᠡᠪᠡᠳᠴᠢᠨ ᠢ ᠮᠦᠷᠳᠡᠭᠰᠡᠨ ᠴᠡᠭᠡᠷᠯᠡᠯ᠂ ᠡᠪᠡᠳᠴᠢᠳᠡᠨ ᠢ ᠮᠦᠷᠳᠡᠭᠰᠡᠨ | ᠴᠡᠬᠡᠷᠯᠡᠯ᠂ ᠢᠳᠡᠬᠡᠨ ᠤᠮᠳᠠᠭᠠᠨ ᠤ ᠴᠡᠬᠡᠷᠯᠡᠯ ᠵᠡᠷᠬᠡ ᠪᠤᠢ᠃ | | |