2018 ᠤᠨ ᠳᠤ ᠮᠠᠨ ᠤ ᠬᠤᠲᠠ ᠶᠢᠨ ᠬᠦᠯᠢᠶᠡᠨ ᠠᠪᠣᠬᠰᠠᠨ ᠵᠢᠭᠤᠯᠴᠢᠯᠠᠭᠰᠠᠳ ᠤᠨ ᠲᠤᠭ᠎ᠠ ᠨᠢ 352 ᠲᠦᠮᠡᠨ ᠬᠦᠮᠦᠨ ᠣᠳᠠᠭ᠎ᠠ ᠬᠦᠷᠪᠡ
ᠨᠡᠶᠢᠲᠡᠯᠡᠭᠰᠡᠨ ᠴᠠᠭ᠄
2019-03-13
     2018 ᠤᠨ ᠳᠤ ᠮᠠᠨ ᠤ ᠬᠤᠲᠠ ᠶᠢᠨ ᠬᠦᠯᠢᠶᠡᠨ ᠠᠪᠣᠬᠰᠠᠨ ᠵᠢᠭᠤᠯᠴᠢᠯᠠᠭᠰᠠᠳ ᠤᠨ ᠲᠤᠭ᠎ᠠ ᠨᠢ 352 ᠲᠦᠮᠡᠨ ᠬᠦᠮᠦᠨ ᠣᠳᠠᠭ᠎ᠠ ᠳᠤ ᠬᠦᠷᠦᠭᠰᠡᠨ ᠪᠠᠶᠢᠨ᠎ᠠ᠃      2018 ᠤᠨ ᠳᠤ᠂ ᠮᠠᠨ ᠤ ᠬᠤᠲᠠ ᠣᠯᠠᠨ ᠶᠠᠩᠵᠦ ᠶᠢᠨ ᠵᠢᠭᠤᠯᠴᠢᠯᠠᠯ ᠤᠨ ᠪᠦᠲᠦᠭᠡᠭᠳᠡᠭᠦᠨ ᠢ ᠭᠠᠷᠭᠠᠵᠦ ᠂  ︽ᠦᠪᠦᠷ ᠮᠤᠩᠭᠤᠯ ᠤᠨ ᠴᠡᠴᠡᠭᠲᠦ ᠣᠯᠠᠷᠢᠯ᠂ ᠦᠬᠠᠢ ᠶᠢᠨ ᠦᠵᠦᠮ ᠤᠨ ᠠᠷᠢᠬᠢᠨ ᠤ ᠵᠢᠭᠤᠯᠴᠢᠯᠠᠯ ᠤᠨ ᠣᠯᠠᠷᠢᠯ︾ ᠬᠡᠮᠡᠬᠦ ᠰᠢᠷᠢᠰ ᠠᠵᠢᠯᠯᠠᠭ᠎ᠠ᠂ ᠣᠷᠠᠨ ᠪᠢᠴᠢᠯᠭᠡ ᠶᠢᠨ ᠣᠷᠠᠯᠢᠭ ᠤᠨ ᠨᠠᠶᠢᠷ᠂  ᠣᠷᠠᠨ ᠪᠢᠴᠢᠯᠭᠡ ᠶᠢᠨ ᠦᠢᠯᠡᠳᠪᠦᠷᠢᠯᠡᠯ ᠤᠨ ᠦᠵᠡᠰᠭᠦᠯᠡᠩ ᠵᠡᠷᠭᠡ ᠨᠢ ᠶᠡᠭᠡ ᠬᠡᠮᠵᠢᠶᠡᠨ ᠤ ᠳᠣᠲᠣᠭᠠᠲᠣ ᠭᠠᠳᠠᠭᠠᠳᠣ ᠶᠢᠨ ᠵᠢᠭᠤᠯᠴᠢᠯᠠᠭᠰᠠᠳ  ᠤᠨ ᠠᠩᠬᠠᠷᠣᠯ ᠢ ᠲᠡᠳᠡᠵᠦ᠂ ᠣᠰᠣᠨ ᠳᠡᠭᠡᠷᠡᠬᠢ ᠰᠡᠯᠡᠭᠦᠴᠡᠯ ᠵᠢᠭᠤᠯᠴᠢᠯᠠᠯ ᠤᠨ ᠵᠠᠬ᠎ᠠ ᠳᠡᠯᠭᠡᠭᠦᠷ ᠨᠠᠷᠬᠢᠶᠠᠨ ᠲᠠᠢ ᠪᠠᠶᠢᠵᠦ᠂ ᠡᠯ᠎ᠡ ᠦᠵᠡᠮᠵᠢ ᠶᠢᠨ ᠣᠷᠣᠨ ᠣᠨᠴᠠᠯᠢᠭᠲᠦ ᠣᠰᠣᠨ ᠳᠡᠭᠡᠷᠡᠬᠢ ᠲᠤᠭᠯᠠᠭᠠᠮ ᠤᠨ ᠲᠦᠷᠦᠯ ᠵᠦᠢᠯ ᠢ ᠭᠠᠷᠭᠠᠵᠦ᠂ ᠦᠬᠠᠢ ᠶᠢᠨ ᠦᠵᠡᠮᠵᠢ ᠶᠢᠨ ᠣᠷᠣᠨ᠂ ᠮᠦᠩᠬᠦᠨᠬᠤᠸᠠᠷ ᠬᠠᠯᠠᠭᠤᠨ ᠷᠠᠰᠢᠶᠠᠨ ᠤ ᠶᠢᠷᠳᠢᠨᠴᠦ ᠵᠡᠷᠭᠡ ᠵᠢᠭᠤᠯᠴᠢᠯᠠᠯ ᠤᠨ ᠦᠵᠡᠮᠵᠢ ᠶᠢᠨ ᠣᠷᠣᠨ ᠤ ᠵᠢᠭᠤᠯᠴᠢᠯᠠᠭᠰᠠᠳ ᠤᠨ ᠲᠤᠭ᠎ᠠ ᠨᠢ ᠶᠡᠭᠡ ᠪᠠᠷ ᠨᠡᠮᠡᠭᠳᠡᠭᠰᠡᠨ ᠪᠠᠶᠢᠨ᠎ᠠ᠃ ᠮᠠᠨ ᠤ ᠬᠤᠲᠠ ᠶᠢᠨ ᠪᠦᠬᠦ ᠵᠢᠯ ᠤᠨ ᠬᠦᠯᠢᠶᠡᠨ ᠠᠪᠴᠣ ᠵᠤᠴᠢᠯᠠᠭᠰᠠᠨ ᠵᠢᠭᠤᠯᠴᠢᠯᠠᠭᠰᠠᠳ ᠤᠨ ᠲᠤᠭ᠎ᠠ ᠨᠢ 352 ᠲᠦᠮᠡᠨ ᠬᠦᠮᠦᠨ ᠣᠳᠠᠭ᠎ᠠ ᠳᠤ ᠬᠦᠷᠴᠦ᠂ ᠠᠳᠠᠯᠢ ᠬᠤᠭᠤᠴᠠᠭᠠᠨ ᠠᠴᠠ ᠪᠠᠨ 20 % ᠪᠠᠷ ᠨᠡᠮᠡᠭᠳᠡᠵᠦ᠂ ᠵᠢᠭᠤᠯᠴᠢᠯᠠᠯ ᠤᠨ ᠣᠷᠣᠯᠭ᠎ᠠ 76 ᠳ᠋ᠦᠩᠰᠢᠭᠤᠷ ᠲᠦᠭᠦᠷᠢᠭ ᠢ ᠪᠡᠶᠡᠯᠡᠭᠦᠯᠵᠦ᠂ ᠠᠳᠠᠯᠢ ᠬᠤᠭᠤᠴᠠᠭᠠᠨ ᠠᠴᠠ ᠪᠠᠨ 17 % ᠪᠠᠷ ᠨᠡᠮᠡᠭᠳᠡᠵᠠᠢ᠃
 
ᠢᠷᠡᠯᠲᠡ᠄ ᠦᠬᠠᠢ ᠶᠢᠨ ᠷᠠᠳᠢᠣ᠋ ᠲᠧᠯᠸᠢᠰ ᠬᠤᠷᠢᠶᠠᠨ ᠤ ᠮᠣᠩᠭᠤᠯ ᠨᠠᠶᠢᠷᠠᠭᠤᠯᠬᠤ ᠭᠡᠯᠲᠡᠰ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map