ᠮᠠᠨ ᠤ ᠬᠤᠲᠠ ᠶᠢᠨ ︽ᠦᠬᠠᠢ ᠶᠢᠨ ᠤᠷᠠᠨ ᠪᠢᠴᠢᠯᠬᠡ ᠶᠢ ᠲᠦᠮᠡᠨ ᠭᠠᠵᠠᠷ ᠲᠤ ᠠᠯᠳᠠᠷᠰᠢᠭᠤᠯᠬᠤ︾  ᠢᠨᠵᠧᠨᠧᠷᠢᠭ ᠤᠨ ᠭᠢᠯᠠᠯᠵᠠᠮ᠎ᠠ ᠦᠷ᠎ᠡ ᠪᠥᠲᠦᠮᠵᠢ
ᠨᠡᠶᠢᠲᠡᠯᠡᠭᠰᠡᠨ ᠴᠠᠭ᠄
2019-05-16
     ᠤᠶᠢᠷ᠎ᠠ ᠶᠢᠨ ᠵᠢᠯ ᠤᠨ ᠲᠤᠷᠰᠢ᠂ ᠮᠠᠨ ᠤ ᠬᠤᠲᠠ ︽ᠦᠬᠠᠢ ᠶᠢᠨ ᠤᠷᠠᠨ ᠪᠢᠴᠢᠯᠬᠡ ᠶᠢ ᠲᠦᠮᠡᠨ ᠭᠠᠵᠠᠷ  ᠲᠤ ᠠᠯᠳᠠᠷᠰᠢᠭᠤᠯᠬᠤ︾  ᠢᠨᠵᠧᠨᠧᠷᠢᠭ ᠢᠶᠠᠷ ᠪᠠᠷᠢᠴᠠ ᠪᠤᠯᠭᠠᠨ᠂ ᠳᠤᠮᠳᠠᠳᠦ ᠤᠯᠤᠰ ᠤᠨ ᠤᠷᠠᠨ ᠪᠢᠴᠢᠯᠬᠡ ᠶᠢᠨ ᠬᠤᠲᠠ ᠶᠢᠨ ᠨᠦᠯᠦᠬᠡᠯᠡᠬᠦ ᠬᠦᠴᠦᠨ ᠪᠠ ᠠᠯᠳᠠᠷᠰᠢᠯ ᠤᠨ ᠬᠡᠮᠵᠢᠶ᠎ᠡ ᠶᠢ ᠳᠡᠭᠡᠭᠰᠢᠯᠡᠬᠦᠯᠵᠦ᠂ ᠤᠷᠢᠳ ᠬᠤᠵᠢᠳ ᠪᠡᠬᠡᠵᠢᠩ᠂ ᠲᠢᠶᠠᠨᠵᠢᠨ᠂ ᠱᠠᠩᠬᠠᠢ᠂ ᠴᠦᠩᠴᠢᠩ ᠵᠡᠷᠭᠡ ᠮᠤᠵᠢ ᠬᠤᠲᠠ ᠪᠤᠯᠤᠨ ᠺᠤᠷᠢᠶᠠ᠂ ᠶᠠᠫᠤᠨ ᠵᠡᠷᠭᠡ 5 ᠭᠠᠷᠤᠢ ᠤᠯᠤᠰ ᠭᠠᠵᠠᠷ ᠤᠷᠤᠨ ᠳᠤ ᠤᠷᠠᠨ ᠪᠢᠴᠢᠯᠬᠡ ᠶᠢᠨ ᠰᠤᠶᠤᠯ ᠤᠨ ᠰᠤᠯᠢᠯᠴᠠᠭᠠᠨ ᠤ ᠠᠵᠢᠯᠯᠠᠭᠠᠨ ᠦᠷᠨᠢᠬᠦᠯᠵᠦ᠂ ᠤᠨᠴᠠᠭᠠᠶᠢᠯᠠᠨ ᠳᠤᠮᠳᠠᠳᠦ ᠤᠯᠤᠰ ᠤᠨ ᠤᠷᠠᠨ ᠵᠢᠷᠤᠭ ᠤᠨ ᠤᠷᠲᠤᠨ ᠳᠤ ᠡᠷᠬᠢᠯᠡᠭᠰᠡᠨ ︽ᠤᠷᠠᠨ ᠪᠢᠴᠢᠯᠬᠡ ᠶᠢᠨ ᠤᠷᠤᠰᠬᠠᠯ︾ ᠳᠤᠮᠳᠠᠳᠦ ᠤᠯᠤᠰ ᠤᠨ ᠤᠷᠠᠨ ᠪᠢᠴᠢᠯᠬᠡ ᠶᠢᠨ ᠬᠤᠲᠠ᠂ ᠦᠬᠠᠢ ᠶᠢᠨ ᠤᠷᠠᠨ ᠵᠢᠷᠤᠭ ᠤᠷᠠᠨ ᠪᠢᠴᠢᠯᠬᠡ ᠬᠡᠷᠡᠯ ᠵᠢᠷᠤᠭ ᠤᠨ ᠦᠵᠡᠬᠦᠯᠦᠯᠬᠡ ᠨᠢ ᠪᠦᠬᠦ ᠤᠯᠤᠰ ᠤᠨ ᠭᠠᠵᠠᠷ ᠤᠨ ᠳᠡᠰ ᠤᠨ ᠬᠤᠲᠠ ᠠᠩᠬᠠᠳᠤᠭᠴᠢ ᠤᠳᠠᠭ᠎ᠠ ᠤᠷᠠᠨ ᠵᠢᠷᠤᠭ ᠤᠷᠠᠨ ᠪᠢᠴᠢᠯᠬᠡ ᠬᠡᠷᠡᠯ ᠵᠢᠷᠤᠭ ᠤᠨ ᠦᠵᠡᠬᠦᠯᠦᠯᠬᠡ ᠪᠠᠨ ᠤᠯᠤᠰ ᠤᠨ ᠬᠠᠮᠤᠭ ᠰᠠᠶᠢᠨ ᠤᠷᠠᠯᠢᠭ ᠤᠨ ᠤᠷᠲᠤᠨ ᠳᠤ ᠡᠷᠬᠢᠯᠡᠭᠰᠡᠨ ᠶᠠᠪᠤᠳᠠᠯ ᠪᠤᠯᠵᠠᠢ᠃ ︽ᠦᠬᠠᠢ ᠶᠢ ᠵᠢᠷᠤᠭᠯᠠᠬᠤ︾ ᠪᠠᠷ ᠠᠵᠠ ᠲᠤᠬᠢᠶᠠᠯ ᠪᠤᠯᠭᠠᠵᠦ᠂ ᠤᠯᠤᠰ ᠤᠨ ᠲᠤᠲᠤᠭᠠᠲᠦ ᠭᠠᠳᠠᠭᠠᠲᠦ ᠳᠤ ᠡᠯ᠎ᠡ ᠲᠦᠷᠦᠯ ᠤᠨ ᠤᠷᠠᠨ ᠪᠢᠴᠢᠯᠬᠡ ᠤᠷᠠᠨ ᠵᠢᠷᠤᠭ ᠤᠨ  ᠦᠵᠡᠰᠭᠦᠯᠡᠩ ᠢ 134 ᠤᠳᠠᠭ᠎ᠠ ᠡᠷᠬᠢᠯᠡᠵᠦ᠂ 13280 ᠬᠤᠪᠢ ᠪᠦᠲᠦᠭᠡᠯ ᠢ ᠳᠡᠯᠬᠡᠨ ᠦᠵᠡᠬᠦᠯᠵᠦ᠂ ᠤᠷᠠᠨ ᠪᠢᠴᠢᠯᠬᠡ ᠤᠷᠠᠨ ᠵᠢᠷᠤᠭ ᠤᠨ ᠰᠤᠯᠢᠯᠴᠠᠭᠠᠨ ᠤ ᠬᠤᠷᠠᠯ ᠢ 32 ᠤᠳᠠᠭ᠎ᠠ ᠵᠤᠬᠢᠶᠠᠨ ᠪᠠᠶᠢᠭᠤᠯᠵᠤ ᠬᠤᠷᠠᠯᠳᠤᠭᠤᠯᠤᠨ᠂ ᠲᠤᠰᠬᠠᠢ ᠰᠡᠲᠦᠪᠲᠦ ᠢᠯᠡᠳᠬᠡᠯ ᠢ 35 ᠲᠠᠯᠠᠪᠤᠷ ᠡᠷᠬᠢᠯᠡᠵᠡᠢ᠃
 
ᠢᠷᠡᠯᠲᠡ᠄ ᠦᠬᠠᠢ ᠬᠤᠲᠠ ᠶᠢᠨ ᠷᠠᠳᠢᠣ᠋ ᠲᠧᠯᠸᠢᠰ ᠬᠤᠷᠢᠶᠠᠨ ᠤ ᠮᠤᠩᠭᠤᠯ ᠨᠠᠶᠢᠷᠠᠭᠤᠯᠬᠤ ᠭᠡᠯᠳᠡᠰ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map