ᠬᠤᠲᠠ ᠶᠢᠨ ᠰᠤᠷᠭᠠᠨ ᠬᠥᠮᠦᠵᠢᠯ ᠤᠨ ᠲᠣᠪᠴᠢᠶ᠎ᠠ ᠤᠯᠤᠰ ᠠᠴᠠ ᠨᠢᠭᠡᠳᠦᠯᠲᠡᠶ ᠨᠠᠶᠢᠷᠠᠭᠤᠯᠤᠭᠰᠠᠨ ᠵᠢᠭᠠᠬᠤ | ᠮᠠᠲ᠋ᠧᠷᠢᠶᠠᠯ ᠢ ᠬᠡᠷᠡᠭᠯᠡᠬᠦ ᠠᠵᠢᠯ ᠢ ᠲᠡᠭᠡᠲᠤ ᠬᠡᠮᠵᠢᠶ᠎ᠡ ᠪᠠᠷ ᠴᠢᠬᠤᠯᠠᠴᠢᠯᠠᠵᠤ᠂ ᠲᠥᠪ ᠬᠤᠷᠢᠶ᠎ᠠ᠂ ᠥᠪᠡᠷᠲᠡᠭᠡᠨ ᠵᠠᠰᠠᠬᠤ | ᠣᠷᠣᠨ᠂ ᠬᠤᠲᠠ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠠᠯᠢ ᠣᠯᠠᠨ ᠬᠤᠯᠪᠤᠭᠳᠠᠯ ᠪᠦᠬᠦᠢ | ᠬᠤᠷᠠᠯ ᠤᠨ ᠵᠣᠷᠢᠭ ᠰᠠᠨᠠᠭ᠎ᠠ ᠪᠣᠯᠤᠨ ᠤᠳᠤᠷᠢᠳᠤᠯᠭ᠎ᠠ ᠶᠢᠨ ᠵᠢᠭᠠᠪᠤᠷᠢ ᠴᠣᠬᠤᠯᠠᠪᠤᠷᠢ ᠶᠢᠨ ᠵᠣᠷᠢᠭ ᠰᠠᠨᠠᠭ᠎ᠠ ᠶᠢ | ᠴᠢᠩᠭ᠎ᠠ ᠵᠢᠷᠤᠮᠯᠠᠵᠤ᠂ ᠠᠳᠠᠯᠢ ᠪᠤᠰᠤ ᠴᠠᠭ᠂ ᠠᠳᠠᠯᠢ ᠪᠤᠰᠤ ᠳᠠᠪᠬᠤᠷᠭ᠎ᠠ ᠳᠤ ᠨᠡᠶᠢᠲᠡ 38 ᠤᠳᠠᠭ᠎ᠠ ᠤᠯᠠᠮᠵᠢᠯᠠᠨ | ᠰᠣᠷᠣᠯᠴᠠᠬᠤ ᠶᠢᠨ ᠬᠠᠮᠲᠤ ᠪᠣᠳᠠᠲᠠᠶ ᠲᠤᠤᠱᠯᠠᠭᠤᠯᠤᠨ ᠨᠠᠶᠢᠳᠠᠪᠤᠷᠢᠵᠢᠭᠤᠯᠬᠤ ᠠᠵᠢᠯ ᠢ ᠲᠤᠬᠢᠷᠠᠭᠤᠯᠤᠨ | ᠪᠠᠶᠢᠷᠢᠯᠠᠭᠤᠯᠤᠭᠰᠠᠨ ᠪᠠ ᠭᠦᠨᠵᠡᠭᠡᠶ ᠲᠦᠯᠬᠢᠨ ᠠᠬᠢᠭᠤᠯᠪᠠ᠃ ᠣᠲᠣ ᠪᠦᠬᠦ ᠬᠤᠲᠠ ᠶᠢᠨ ᠦᠨᠳᠦᠰᠦᠲᠡᠨ ᠤ | ᠬᠡᠯᠡ ᠪᠠᠷ ᠬᠢᠴᠢᠶᠡᠯᠯᠡᠬᠦ ᠰᠤᠷᠭᠠᠭᠤᠯᠢ ᠳᠤ ᠤᠯᠤᠰ ᠠᠴᠠ ᠨᠢᠭᠡᠳᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ | ᠬᠡᠷᠡᠭᠯᠡᠬᠦ ᠠᠵᠢᠯ ᠤᠨ ᠭᠤᠣᠯ ᠠᠷᠭ᠎ᠠ ᠪᠠᠷᠢᠯ᠂ ᠦᠷ᠎ᠡ ᠪᠦᠲᠦᠮᠵᠢ ᠵᠢᠴᠢ ᠳᠠᠷᠠᠭᠠᠴᠢ ᠶᠢᠨ ᠠᠯᠬᠤᠮ ᠤᠨ ᠠᠵᠢᠯ ᠤᠨ | ᠠᠷᠭ᠎ᠠ ᠬᠡᠮᠵᠢᠶ᠎ᠡ ᠶᠢ ᠳᠣᠣᠷᠠᠬᠢ ᠮᠡᠲᠦ ᠳ᠋ᠦᠩᠨᠡᠶ᠎ᠡ᠄ | ᠨᠢᠭᠡ᠂ ᠭᠤᠤᠯ ᠬᠢᠭᠰᠡᠨ ᠠᠷᠭ᠎ᠠ ᠵᠢᠴᠢ ᠦᠷ᠎ᠡ ᠪᠦᠲᠦᠮᠵᠢ | ᠨᠢᠭᠡ ᠳᠤ᠂ ᠠᠵᠢᠯ ᠤᠨ ᠲᠣᠬᠢᠷᠠᠭᠤᠯᠤᠯᠲᠠ ᠪᠠᠶᠢᠷᠢᠯᠠᠭᠤᠯᠤᠯᠲᠠ ᠪᠠᠨ ᠴᠢᠩᠭᠠᠳᠬᠠᠵᠤ᠂ ᠠᠵᠢᠯ ᠢ ᠠᠬᠢᠭᠤᠯᠬᠤ | ᠡᠷᠴᠢᠮ ᠢᠶᠠᠨ ᠴᠢᠩᠭᠠᠷᠠᠭᠤᠯᠪᠠ᠃ ᠬᠤᠲᠠ ᠶᠢᠨ ᠨᠠᠮ ᠤᠨ ᠬᠤᠷᠢᠶ᠎ᠠ ᠦᠬᠠᠶ ᠬᠤᠲᠠ ᠶᠢᠨ ᠤᠯᠤᠰ ᠠᠴᠠ ᠨᠢᠭᠡᠳᠦᠯᠲᠡᠶ | ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠤᠨ ᠬᠡᠷᠡᠭᠯᠡᠯᠲᠡ ᠶᠢ ᠠᠬᠢᠭᠤᠯᠬᠤ ᠠᠵᠢᠯ ᠤᠨ ᠤᠳᠤᠷᠢᠳᠬᠤ ᠳᠤᠭᠤᠶᠢᠯᠠᠩ ᠢ | ᠨᠢᠭᠡᠳᠦᠯᠲᠡᠶ ᠲᠦᠯᠦᠪᠯᠡᠨ ᠪᠠᠶᠢᠭᠤᠯᠤᠭᠰᠠᠨ ᠤ ᠳᠠᠷᠠᠭ᠎ᠠ᠂ ᠬᠤᠲᠠ ᠶᠢᠨ ᠰᠤᠷᠭᠠᠨ ᠬᠥᠮᠦᠵᠢᠯ ᠤᠨ ᠲᠣᠪᠴᠢᠶ᠎ᠠ ᠡᠭᠦᠷᠭᠡ | ᠴᠢᠳᠠᠪᠤᠷᠢ ᠡᠭᠦᠷᠭᠡ ᠬᠠᠷᠢᠭᠤᠴᠠᠯᠭ᠎ᠠ ᠶᠢᠨ ᠲᠣᠭᠤᠷᠢᠨ ᠳᠤ ᠲᠣᠪᠴᠢᠶᠠᠨ ᠤ ᠳᠠᠷᠤᠭ᠎ᠠ ᠪᠠᠷ ᠳᠤᠭᠤᠶᠢᠯᠠᠩ ᠤᠨ ᠳᠠᠷᠤᠭ᠎ᠠ | ᠪᠣᠯᠭᠠᠭᠰᠠᠨ ᠵᠤᠬᠢᠴᠠᠭᠤᠯᠬᠤ ᠠᠵᠢᠯ ᠤᠨ ᠣᠳᠣᠷᠢᠳᠬᠤ ᠳᠤᠭᠤᠶᠢᠯᠠᠩ ᠢ ᠦᠳᠲᠡᠷ ᠲᠦᠷᠭᠡᠨ ᠪᠠᠶᠢᠭᠤᠯᠵᠤ᠂ ᠳᠣᠤᠷ᠎ᠠ | ᠪᠠᠨ ᠶᠡᠷᠦᠩᠬᠡᠶᠢᠯᠡᠭᠰᠡᠨ ᠳᠤᠭᠤᠶᠢᠯᠠᠩ᠂ ᠣᠬᠠᠭᠤᠯᠬᠤ ᠳᠤᠭᠤᠶᠢᠯᠠᠩ᠂ ᠵᠢᠭᠠᠨ ᠰᠣᠷᠭᠠᠯᠳᠠ ᠶᠢᠨ ᠵᠢᠯᠣᠭᠤᠳᠬᠤ | ᠳᠤᠭᠤᠶᠢᠯᠠᠩ᠂ ᠪᠠᠴᠢᠮ ᠪᠠᠶᠢᠳᠠᠯ ᠢ ᠠᠷᠭᠠᠴᠠᠭᠠᠨ ᠰᠢᠢᠳᠪᠦᠷᠢᠯᠡᠬᠦ ᠳᠤᠭᠤᠶᠢᠯᠠᠩ ᠪᠣᠯᠤᠨ ᠬᠢᠨᠠᠨ ᠵᠢᠯᠣᠭᠤᠳᠬᠤ | ᠳᠤᠭᠤᠶᠢᠯᠠᠩ ᠵᠡᠷᠭᠡ 5 ᠠᠵᠢᠯᠯᠠᠬᠤ ᠳᠤᠭᠤᠶᠢᠯᠠᠩ ᠪᠠᠶᠢᠭᠤᠯᠵᠤ᠂ ᠱᠠᠭᠠᠷᠳᠠᠯᠭ᠎ᠠ ᠶᠣᠰᠣᠭᠠᠷ ᠠᠵᠢᠯ ᠤᠨ ᠬᠡᠷᠡᠭᠵᠢᠭᠦᠯᠬᠦ | ᠲᠥᠰᠦᠯ ᠪᠠ ᠪᠠᠴᠢᠮ ᠪᠠᠶᠢᠳᠠᠯ ᠢ ᠠᠷᠭᠠᠴᠠᠭᠠᠨ ᠰᠢᠢᠳᠪᠦᠷᠢᠯᠡᠬᠦ ᠪᠡᠯᠡᠳᠬᠡᠯ ᠲᠥᠰᠦᠯ ᠢ ᠴᠠᠭ ᠲᠤᠬᠠᠶ ᠳᠤᠨᠢ | ᠲᠣᠭᠲᠠᠭᠠᠵᠤ ᠳᠠᠷᠤᠮᠠᠯᠯᠠᠨ ᠲᠠᠷᠬᠠᠭᠠᠵᠤ᠂ ᠲᠡᠷᠡᠴᠢᠯᠡᠨ ᠬᠤᠲᠠ ᠶᠢᠨ ᠮᠣᠩᠭᠤᠯ ᠦᠨᠳᠦᠰᠦᠲᠡᠨ ᠤ ᠰᠤᠷᠭᠠᠭᠤᠯᠢ ᠶᠢ | ᠱᠠᠭᠠᠷᠳᠠᠨ ᠵᠢᠯᠣᠭᠤᠳᠴᠤ ᠪᠠᠶᠢᠭᠠᠳ ᠲᠤᠰᠬᠠᠢ ᠠᠬᠢᠭᠤᠯᠬᠤ ᠠᠵᠢᠯ ᠤᠨ ᠳᠤᠭᠤᠶᠢᠯᠠᠩ ᠪᠠᠶᠢᠭᠤᠯᠵᠤ᠂ ᠦᠳᠲᠡᠷ | ᠲᠦᠷᠭᠡᠨ ᠠᠵᠢᠯ ᠢᠶᠠᠨ ᠥᠷᠨᠢᠭᠦᠯᠵᠡᠢ᠃ ᠬᠤᠲᠠ ᠶᠢᠨ ᠰᠤᠷᠭᠠᠨ ᠬᠥᠮᠦᠵᠢᠯ ᠤᠨ ᠲᠣᠪᠴᠢᠶ᠎ᠠ ᠤᠷᠢᠳ ᠬᠤᠵᠢᠳ | ᠲᠣᠪᠴᠢᠶᠠᠨ ᠤ ᠨᠠᠮ ᠤᠨ ᠤᠳᠤᠷᠢᠳᠬᠤ ᠳᠤᠭᠤᠶᠢᠯᠠᠩ ᠤᠨ ᠬᠤᠷᠠᠯ ᠢ 4 ᠤᠳᠠᠭ᠎ᠠ᠂ ᠲᠤᠰᠬᠠᠢ ᠰᠡᠳᠦᠪᠲᠦ ᠬᠤᠷᠠᠯ ᠢ | 8 ᠤᠳᠠᠭ᠎ᠠ᠂ ᠠᠬᠢᠭᠤᠯᠤᠯᠳᠠ ᠶᠢᠨ ᠬᠤᠷᠠᠯ ᠢ 5 ᠤᠳᠠᠭ᠎ᠠ ᠬᠤᠷᠠᠯᠳᠤᠭᠤᠯᠵᠤ᠂ ᠥᠪᠡᠷᠲᠡᠭᠡᠨ ᠵᠠᠰᠠᠬᠤ ᠣᠷᠣᠨ ᠤ | ᠸᠢᠳᠢᠣ᠋ ᠬᠤᠷᠠᠯ ᠤᠨ ᠵᠣᠷᠢᠭ ᠰᠠᠨᠠᠭ᠎ᠠ ᠵᠢᠴᠢ ᠯᠢᠨ ᠱᠣᠣ ᠴᠦᠨ ᠱᠦᠵᠢ ᠶᠢᠨ ᠶᠠᠷᠢᠶᠠᠨ ᠤ ᠵᠣᠷᠢᠭ ᠰᠠᠨᠠᠭ᠎ᠠ ᠯᠤᠭ᠎ᠠ | ᠨᠢᠭᠲᠠ ᠤᠶᠠᠯᠳᠤᠭᠤᠯᠤᠨ᠂ ︽ᠭᠤᠷᠪᠠ ᠶᠢ ᠶᠠᠭᠠᠬᠢᠭᠰᠠᠨ ᠴᠤ ᠪᠣᠯᠬᠤ ᠥᠬᠡᠶ︾ ︽ᠲᠦᠷᠪᠡᠨ ᠬᠤᠷᠢᠭ᠎ᠠ ᠱᠤᠭᠤᠮ ᠢ | ᠪᠠᠲᠤ ᠰᠠᠬᠢᠬᠤ ᠬᠡᠷᠡᠭᠲᠡᠶ︾ ︽ᠲᠠᠪᠤ ᠶᠢ ᠲᠣᠳᠣᠷᠬᠠᠶ ᠶᠠᠷᠢᠬᠤ︾ ᠪᠠᠷ ᠭᠤᠤᠯ ᠰᠢᠵᠢᠮ ᠪᠤᠯᠭᠠᠵᠤ᠂ ᠤᠯᠤᠰ ᠠᠴᠠ | ᠨᠢᠭᠡᠳᠦᠯᠲᠡᠶ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠬᠡᠷᠡᠭᠯᠡᠬᠦ ᠠᠵᠢᠯ ᠢ ᠪᠦᠬᠦ ᠬᠦᠴᠦᠨ ᠢᠶᠠᠷ ᠨᠠᠶᠢᠳᠠᠪᠤᠷᠢᠵᠢᠭᠤᠯᠵᠤ | ᠂ ᠪᠠᠭᠰᠢ ᠰᠤᠷᠤᠭᠴᠢᠳ ᠤᠨ ᠪᠠᠶᠢᠳᠠᠯ ᠢ ᠪᠦᠬᠦ ᠲᠠᠯ᠎ᠠ ᠪᠠᠷ ᠵᠢᠭᠰᠠᠭᠠᠨ ᠪᠠᠶᠢᠴᠠᠭᠠᠵᠤ ᠡᠮᠬᠢᠯᠡᠵᠦ᠂ ᠲᠥᠷᠥ ᠶᠢᠨ | ᠪᠤᠲᠤᠯᠭ᠎ᠠ ᠶᠢᠨ ᠲᠠᠶᠢᠯᠤᠮᠵᠢ ᠶᠢ ᠪᠦᠬᠦᠨ ᠢ ᠬᠠᠮᠤᠷᠬᠤ᠂ ᠪᠠᠶᠢᠳᠠᠯ ᠢ ᠣᠶᠢᠯᠭᠠᠨ ᠵᠢᠭᠰᠠᠭᠠᠬᠤ ᠶᠢ ᠪᠦᠬᠦᠨ ᠢ ᠬᠠᠮᠤᠷᠬᠤ | ᠂ ᠵᠢᠵᠢᠭᠦᠷᠯᠡᠨ ᠰᠠᠬᠢᠬᠤ ᠶᠢ ᠪᠦᠬᠦᠨ ᠢ ᠬᠠᠮᠤᠷᠬᠤ ᠶᠢ ᠪᠡᠶᠡᠯᠡᠭᠦᠯᠵᠦ᠂ 9 ᠰᠠᠷ᠎ᠠ ᠶᠢᠨ 12 ᠤᠨ ᠡᠳᠦᠷ | ᠰᠤᠷᠭᠠᠭᠤᠯᠢ ᠳᠠᠭᠠᠨ ᠪᠤᠴᠠᠭᠰᠠᠨ ᠦᠭᠡᠢ ᠰᠤᠷᠤᠯᠭ᠎ᠠ ᠪᠠᠨ ᠰᠡᠷᠭᠦᠭᠡᠭᠰᠡᠨ ᠰᠣᠷᠣᠭᠴᠢᠳ ᠤᠨ ᠲᠤᠭ᠎ᠠ ᠶᠢ ︽ᠳᠠᠩ | ᠪᠣᠯᠭᠠᠬᠤ︾ ᠡᠭᠦᠷᠭᠡ ᠶᠢ ᠪᠡᠶᠡᠯᠡᠭᠦᠯᠵᠦ᠂ ᠲᠡᠷᠡᠴᠢᠯᠡᠨ ᠪᠠᠬᠢᠵᠢᠭᠦᠯᠦᠨ ᠨᠠᠶᠢᠳᠠᠪᠤᠷᠢᠵᠢᠭᠤᠯᠬᠤ ᠶᠢ ᠦᠷᠭᠦᠯᠵᠢᠯᠡᠨ | ᠰᠠᠶᠢᠲᠤᠷ ᠠᠳᠬᠤᠪᠠ᠃ | ᠬᠤᠶᠠᠷ ᠲᠤ ᠲᠥᠷᠥ ᠶᠢᠨ ᠪᠣᠳᠣᠯᠭ᠎ᠠ ᠶᠢᠨ ᠲᠠᠶᠢᠯᠤᠮᠵᠢ ᠤᠬᠠᠭᠤᠯᠭ᠎ᠠ ᠶᠢ ᠴᠢᠩᠭᠠᠳᠬᠠᠵᠤ᠂ ᠶᠠᠷᠢᠶ᠎ᠠ | ᠬᠡᠯᠡᠯᠴᠡᠭᠡᠨ ᠤ ᠴᠢᠭᠯᠡᠯ ᠢ ᠵᠥᠪ ᠢᠶᠠᠷ ᠬᠥᠲᠥᠯᠦᠨ ᠵᠢᠯᠤᠭᠤᠲᠤᠪᠠ᠃ ᠬᠤᠲᠠ ᠶᠢᠨ ᠰᠤᠷᠭᠠᠨ ᠬᠥᠮᠦᠵᠢᠯ ᠤᠨ | ᠲᠣᠪᠴᠢᠶ᠎ᠠ ︽ᠪᠥᠬᠦ ᠣᠷᠣᠨ ᠤ ᠦᠨᠳᠦᠰᠦᠲᠡᠨ ᠤ ᠬᠡᠯᠡ ᠪᠠᠷ ᠬᠢᠴᠢᠶᠡᠯᠯᠡᠬᠦ ᠰᠣᠷᠭᠠᠭᠤᠯᠢ ᠶᠢᠨ ᠪᠠᠭ᠎ᠠ | ᠰᠤᠷᠭᠠᠭᠤᠯᠢ ᠶᠢᠨ ᠨᠢᠭᠡᠳᠦᠭᠡᠷ ᠣᠨ ᠪᠠ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠶᠢᠨ ᠨᠢᠭᠡᠳᠦᠭᠡᠷ ᠣᠨ ᠤ | ᠤᠯᠤᠰ ᠠᠴᠠ ᠨᠢᠭᠡᠳᠦᠯᠲᠡᠶ ᠨᠠᠶᠢᠷᠠᠭᠤᠯᠤᠭᠰᠠᠨ ︿ᠬᠡᠯᠡ ᠪᠢᠴᠢᠭ﹀ ᠵᠢᠭᠠᠬᠤ ᠮᠠᠲ᠋ᠧᠷᠢᠶᠠᠯ ᠢ ᠬᠡᠷᠡᠭᠯᠡᠬᠦ ᠶᠢᠨ ᠬᠡᠷᠡᠭᠵᠢᠭᠦᠯᠬᠦ | ᠲᠥᠰᠦᠯ ᠤᠨ ᠲᠥᠷᠥ ᠶᠢᠨ ᠪᠣᠳᠣᠯᠭ᠎ᠠ ᠶᠢᠨ ᠲᠠᠶᠢᠯᠤᠮᠵᠢ︾ ︽ᠪᠥᠬᠦ ᠣᠷᠣᠨ ᠤ ᠦᠨᠳᠦᠰᠦᠳᠡᠨ ᠤ ᠬᠡᠯᠡ ᠪᠠᠷ | ᠬᠢᠴᠢᠶᠡᠯᠯᠡᠬᠦ ᠰᠤᠷᠭᠠᠭᠤᠯᠢ ᠶᠢᠨ ᠪᠠᠭ᠎ᠠ ᠰᠤᠷᠭᠠᠭᠤᠯᠢ ᠶᠢᠨ ᠨᠢᠭᠡᠳᠦᠭᠡᠷ ᠣᠨ ᠪᠠ ᠠᠩᠬ᠎ᠠ ᠵᠡᠷᠭᠡ ᠶᠢᠨ ᠳᠤᠮᠳᠠᠳᠤ | ᠰᠤᠷᠭᠠᠭᠤᠯᠢ ᠶᠢᠨ ᠨᠢᠭᠡᠳᠦᠭᠡᠷ ᠣᠨ ᠳᠤ ᠤᠯᠤᠰ ᠤᠨ ᠨᠢᠭᠡᠳᠦᠯᠲᠡᠶ ᠨᠠᠶᠢᠷᠠᠭᠤᠯᠤᠭᠰᠠᠨ ︿ᠬᠡᠯᠡ ᠪᠢᠴᠢᠭ﹀ ᠤᠨ ᠵᠢᠭᠠᠬᠤ | ᠮᠠᠲ᠋ᠧᠷᠢᠶᠠᠯ ᠢ ᠬᠡᠷᠡᠭᠯᠡᠬᠦ ᠶᠢᠨ ᠬᠡᠷᠡᠭᠵᠢᠭᠦᠯᠬᠦ ᠲᠥᠰᠦᠯ︾ ︽ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠥᠰᠥᠭ | ᠪᠢᠴᠢᠭ ᠤᠨ ᠬᠡᠪᠯᠡᠯ ᠤᠨ ᠨᠢᠭᠡᠳᠦᠯᠲᠡᠶ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ ᠬᠡᠷᠡᠭᠯᠡᠬᠦ ᠶᠢ ᠳᠥᠯᠭᠢᠨ ᠠᠬᠢᠭᠤᠯᠵᠤ | ᠂ ᠳᠤᠮᠳᠠᠳᠤ ᠪᠠᠭ᠎ᠠ ᠰᠤᠷᠭᠠᠭᠤᠯᠢ ᠶᠢᠨ ᠠᠮᠤᠷ ᠲᠦᠪᠰᠢᠨ ᠲᠣᠭᠲᠠᠭᠤᠨ ᠤ ᠠᠵᠢᠯ ᠢ ᠰᠠᠶᠢᠲᠤᠷ ᠬᠢᠬᠦ ᠵᠢᠯᠣᠭᠤᠳᠬᠤ | ᠰᠠᠰᠨᠠᠯ︾ ︽ᠭᠤᠷᠪᠠᠨ ᠪᠢᠴᠢᠭ ᠮᠠᠲ᠋ᠧᠷᠢᠶᠠᠯ︾ ᠪᠣᠯᠤᠨ ᠥᠪᠡᠷᠲᠡᠭᠡᠨ ᠵᠠᠰᠠᠬᠤ ᠣᠷᠣᠨ ᠤ ᠰᠤᠷᠭᠠᠨ ᠬᠥᠮᠦᠵᠢᠯ ᠤᠨ | ᠲᠢᠩᠬᠢᠮ ᠤᠨ ᠤᠯᠤᠰ ᠤᠨ ᠨᠢᠭᠡᠳᠦᠯᠲᠡᠶ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠤᠨ ᠲᠤᠬᠠᠢ ︽ᠠᠰᠠᠭᠤᠯᠲᠠ | ᠬᠠᠷᠢᠭᠤᠯᠳᠠ︾ ︵ᠨᠡᠶᠢᠲᠡ ᠭᠤᠷᠪᠠᠨ ᠬᠤᠭᠤᠴᠠᠭ᠎ᠠ᠂ 57 ᠠᠰᠠᠭᠤᠯᠳᠠ ᠶᠢ ᠬᠠᠷᠢᠭᠤᠯᠪᠠ︶ ᠶᠢ ᠡᠮᠬᠢᠳᠬᠡᠨ | ᠳᠡᠪᠲᠡᠷᠯᠡᠵᠦ᠂ ᠬᠤᠯᠪᠤᠭᠳᠠᠯ ᠪᠥᠬᠦᠶ ᠰᠠᠯᠠᠭ᠎ᠠ ᠮᠥᠴᠢᠷ ᠲᠤ ᠬᠤᠯᠪᠣᠭᠳᠠᠭᠰᠠᠨ ᠤᠳᠤᠷᠢᠳᠬᠤ ᠪᠠᠭ ᠤᠨ | ᠪᠦᠷᠢᠯᠳᠦᠬᠦᠨ ᠳᠤ ᠬᠦᠷᠭᠡᠵᠦ᠂ ᠰᠤᠷᠤᠭᠴᠢᠳ᠂ ᠬᠡᠷ ᠤᠨ ᠠᠬᠠᠮᠠᠳ ᠪᠠ ᠨᠡᠶᠢᠭᠡᠮ ᠤᠨ ᠣᠯᠠᠨ ᠲᠦᠮᠡᠨ ᠳᠤ | ᠤᠯᠤᠰ ᠤᠨ ᠲᠥᠷᠥ ᠶᠢᠨ ᠪᠣᠳᠣᠯᠭ᠎ᠠ ᠶᠢ ᠦᠷᠭᠦᠯᠵᠢᠯᠡᠨ ᠲᠠᠶᠢᠯᠪᠤᠷᠢᠯᠠᠪᠠ᠃ ᠪᠦᠬᠦ ᠬᠤᠲᠠ ᠶᠢᠨ ᠰᠤᠷᠭᠠᠨ | ᠬᠥᠮᠦᠵᠢᠯ ᠤᠨ ᠰᠢᠰᠲ᠋ᠧᠮ ᠤᠨ 120 ᠭᠠᠷᠤᠶ ᠮᠡᠳᠡᠭᠡ ᠵᠠᠩᠭᠢᠴᠢᠨ ᠢ ᠵᠣᠬᠢᠶᠠᠨ ᠪᠠᠶᠢᠭᠤᠯᠵᠤ᠂ ᠲᠡᠷᠡ ᠲᠠᠷᠣᠢ ᠳᠤᠨᠢ | ᠤᠬᠠᠭᠤᠯᠤᠭᠴᠢ ᠪᠣᠯᠭᠠᠨ ᠬᠤᠪᠢᠷᠠᠭᠤᠯᠵᠤ᠂ ᠸᠢᠴᠠᠲ ᠤᠨ ᠣᠯᠠᠨ ᠨᠡᠶᠢᠲᠡ ᠶᠢᠨ ᠲᠠᠪᠴᠠᠩ᠂ ᠰᠦᠯᠵᠢᠶᠡᠨ ᠥᠷᠲᠡᠭᠡ | ᠵᠡᠷᠭᠡ ᠰᠢᠨ᠎ᠡ ᠵᠠᠭᠤᠴᠢᠯᠠᠭᠤᠷ ᠤᠨ ᠠᠷᠭ᠎ᠠ ᠮᠠᠶ᠋ᠢᠭ ᠢᠶᠠᠷ ᠲᠥᠷᠥ ᠶᠢᠨ ᠪᠣᠳᠣᠯᠭ᠎ᠠ ᠶᠢᠨ 120 ᠭᠠᠷᠤᠶ ᠮᠡᠳᠡᠭᠡ | ᠵᠠᠩᠭᠢ ᠶᠢ ᠨᠠᠶᠢᠳᠡᠯᠡᠵᠦ᠂ ᠲᠠᠷᠣᠮ ᠤᠨ ᠬᠡᠮᠵᠢᠶ᠎ᠡ᠂ ᠰᠢᠯᠵᠢᠭᠦᠯᠦᠨ ᠠᠴᠢᠶᠠᠯᠠᠭᠰᠠᠨ ᠬᠡᠮᠵᠢᠶ᠎ᠡ 30 ᠲᠦᠮᠡᠨ ᠬᠥᠮᠦᠨ | ᠤᠳᠠᠭ᠎ᠠ ᠶᠢ ᠳᠠᠪᠠᠵᠠᠶ᠃ ᠬᠤᠲᠠ ᠶᠢᠨ ᠰᠤᠷᠭᠠᠨ ᠬᠥᠮᠦᠵᠢᠯ ᠤᠨ ᠲᠣᠪᠴᠢᠶ᠎ᠠ ᠠᠴᠠ ᠰᠤᠷᠭᠠᠨ ᠬᠥᠮᠦᠵᠢᠯ ᠤᠨ | ᠰᠢᠰᠲ᠋ᠧᠮ ᠤᠨ ᠪᠠᠭᠰᠢ ᠰᠤᠷᠤᠭᠴᠢᠳ ᠲᠤ ︽ᠰᠢ ᠶᠢᠨ ᠫᠢᠩ ᠤᠨ ᠰᠤᠷᠭᠠᠨ ᠬᠥᠮᠦᠵᠢᠯ ᠤᠨ ᠲᠤᠬᠠᠶ ᠴᠢᠬᠤᠯᠠ | ᠥᠭᠦᠯᠡᠯᠲᠡ ᠶᠢ ᠭᠦᠨᠵᠡᠭᠡᠶ ᠰᠣᠷᠣᠯᠴᠠᠶ᠎ᠠ︾ ᠪᠠ ︽ᠦᠬᠠᠶ ᠬᠤᠲᠠ ᠶᠢᠨ ᠳᠤᠮᠳᠠᠳᠤ ᠪᠠᠭ᠎ᠠ ᠰᠤᠷᠭᠠᠭᠤᠯᠢ ᠶᠢᠨ | ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠰᠤᠷᠭᠠᠨ ᠬᠥᠮᠦᠵᠢᠯ ᠤᠨ ᠤᠩᠰᠢᠬᠤ ᠪᠢᠴᠢᠭ︾ ᠢ ᠨᠡᠶᠢᠲᠡ 2500 | ᠭᠠᠷᠤᠶ ᠳᠡᠪᠲᠡᠷ ᠲᠠᠷᠬᠠᠭᠠᠵᠤ᠂ ᠬᠤᠲᠠ ᠶᠢᠨ ᠮᠣᠩᠭᠤᠯ ᠦᠨᠳᠦᠰᠦᠲᠡᠨ ᠤ ᠰᠤᠷᠭᠠᠭᠤᠯᠢ ᠨᠢ ᠪᠥᠬᠦ ᠰᠤᠷᠤᠭᠴᠢᠳ ᠲᠤ | ︽ᠦᠬᠠᠶ ᠬᠤᠲᠠ ᠶᠢᠨ ᠮᠣᠩᠭᠤᠯ ᠦᠨᠳᠦᠰᠦᠳᠡᠨ ᠤ ᠰᠤᠷᠭᠠᠭᠤᠯᠢ ᠶᠢᠨ ᠬᠡᠷ ᠪᠦᠯᠢ ᠶᠢᠨ ᠰᠤᠷᠭᠠᠭᠤᠯᠢ ᠶᠢᠨ | ᠬᠠᠮᠲᠤ ᠪᠠᠷ ᠬᠥᠮᠦᠵᠢᠭᠦᠯᠬᠦ ᠬᠠᠷᠢᠯᠴᠠᠬᠤ ᠵᠠᠬᠢᠳᠠᠯ︾ ︽ᠬᠡᠷ ᠤᠨ ᠠᠬᠠᠮᠠᠳ ᠲᠤ ᠦᠭᠦᠭᠭᠰᠡᠨ ᠨᠢᠭᠡ ᠬᠤᠪᠢ ᠵᠠᠬᠢᠳᠠᠯ︾ | ︽ᠰᠣᠷᠣᠭᠴᠢ ᠶᠢᠨ ᠠᠮᠢᠳᠤᠷᠠᠯ ᠤᠨ ᠣᠯᠠ ᠮᠥᠷ ᠵᠢᠴᠢ ᠪᠡᠶ᠎ᠡ ᠶᠢᠨ ᠳᠤᠯᠠᠭᠠᠨ ᠤ ᠲᠡᠮᠳᠡᠭᠯᠡᠯ ᠤᠨ ᠬᠦᠰᠦᠨᠦᠭᠲᠦ︾ | ᠵᠡᠷᠭᠡ ᠶᠢ ᠲᠠᠷᠬᠠᠭᠠᠵᠤ᠂ ᠭᠡᠷ ᠤᠨ ᠠᠬᠠᠮᠠᠳ ᠯᠤᠭ᠎ᠠ ᠶᠢᠨ ᠨᠡᠪᠲᠡᠷᠡᠯᠴᠡᠭᠡ ᠬᠠᠷᠢᠯᠴᠠᠭ᠎ᠠ ᠪᠠᠨ ᠴᠢᠩᠭᠠᠳᠬᠠᠪᠠ᠃ | ᠭᠤᠷᠪᠠ ᠳᠤ ᠵᠢᠭᠠᠨ ᠰᠤᠷᠭᠠᠯᠲᠠ ᠶᠢᠨ ᠰᠤᠳᠤᠯᠭᠠᠨ ᠤ ᠵᠢᠯᠣᠭᠤᠳᠣᠯᠭ᠎ᠠ ᠪᠠᠨ ᠴᠢᠩᠭᠠᠳᠬᠠᠵᠤ᠂ ᠵᠢᠭᠠᠨ | ᠰᠤᠷᠭᠠᠯᠲᠠ ᠶᠢᠨ ᠠᠵᠢᠯ ᠤᠨ ᠤᠷᠤᠭᠰᠢᠲᠠᠶ ᠶᠠᠪᠤᠭᠳᠠᠬᠤ ᠶᠢ ᠪᠠᠲᠤᠯᠠᠪᠠ᠃ ᠰᠢᠨᠬᠤᠸᠠ ᠨᠣᠮ ᠤᠨ ᠳᠡᠯᠭᠡᠭᠦᠷ ᠢ | ᠢᠳᠡᠪᠬᠢᠲᠡᠢ ᠵᠣᠬᠢᠴᠠᠭᠤᠯᠵᠤ᠂ ᠰᠤᠷᠭᠠᠭᠤᠯᠢ ᠡᠬᠢᠯᠡᠬᠦ ᠠᠴᠠ ᠡᠮᠦᠨ᠎ᠡ ᠨᠢᠭᠡ ᠡᠳᠦᠷ ᠲᠤ ᠬᠤᠲᠠ ᠶᠢᠨ ᠮᠣᠩᠭᠤᠯ | ᠦᠨᠳᠦᠰᠦᠲᠡᠨ ᠤ ᠰᠤᠷᠭᠠᠭᠤᠯᠢ ᠶᠢᠨ ᠪᠠᠭ᠎ᠠ ᠰᠤᠷᠭᠠᠭᠤᠯᠢ ᠪᠣᠯᠤᠨ ᠠᠩᠬ᠎ᠠ ᠳᠤᠮᠳᠠᠳᠤ ᠶᠢᠨ ᠨᠢᠭᠡᠳᠦᠭᠡᠷ ᠣᠨ ᠤ | ᠤᠯᠤᠰ ᠠᠴᠠ ᠨᠢᠭᠡᠳᠦᠯᠲᠡᠶ ᠨᠠᠶᠢᠷᠠᠭᠤᠯᠤᠭᠰᠠᠨ ︽ᠬᠡᠯᠡ ᠪᠢᠴᠢᠭ︾ ᠤᠨ ᠬᠢᠴᠢᠶᠡᠯ ᠤᠨ ᠬᠡᠷᠡᠭᠯᠡᠭᠡᠨ ᠤ ᠨᠣᠮ ᠢ ᠪᠠᠭᠰᠢ | ᠰᠤᠷᠤᠭᠴᠢᠳ ᠤᠨ ᠭᠠᠷ ᠲᠤ ᠲᠠᠷᠬᠠᠭᠠᠪᠠ᠃ ᠬᠤᠲᠠ ᠶᠢᠨ ᠮᠣᠩᠭᠤᠯ ᠦᠨᠳᠦᠰᠦᠲᠡᠨ ᠤ ᠰᠤᠷᠭᠠᠭᠤᠯᠢ ᠶᠢᠨ 4 ᠨᠡᠷ᠎ᠡ | ᠬᠡᠯᠡ ᠪᠢᠴᠢᠭ ᠤᠨ ᠪᠠᠭᠰᠢ ᠵᠢᠴᠢ ᠬᠤᠲᠠ ᠶᠢᠨ ᠵᠢᠭᠠᠨ ᠰᠤᠳᠤᠯᠬᠤ ᠲᠠᠰᠤᠭ ᠤᠨ ᠪᠠᠭ᠎ᠠ ᠰᠤᠷᠭᠠᠭᠤᠯᠢ ᠶᠢᠨ ᠬᠡᠯᠡ | ᠪᠢᠴᠢᠭ ᠤᠨ ᠵᠢᠭᠠᠨ ᠰᠣᠳᠣᠯᠣᠭᠴᠢ ᠶᠢ 1 ᠨᠡᠷ᠎ᠡ ᠰᠣᠩᠭᠤᠨ ᠲᠣᠮᠢᠯᠠᠵᠤ᠂ ᠣᠷᠳᠣᠰ ᠬᠤᠲᠠ ᠶᠢᠨ ᠤᠲᠤᠭ ᠤᠨ | ᠡᠮᠦᠨᠡᠲᠦ ᠬᠤᠰᠢᠭᠤᠨ ᠳᠤ ᠶᠠᠪᠤᠭᠳᠠᠭᠰᠠᠨ ᠥᠪᠥᠷ ᠮᠣᠩᠭᠤᠯ ᠤᠨ ᠰᠤᠷᠭᠠᠨ ᠬᠥᠮᠦᠵᠢᠯ ᠤᠨ ᠬᠡᠪᠯᠡᠯ ᠤᠨ ᠬᠤᠷᠢᠶᠠᠨ ᠤ | ᠵᠣᠬᠢᠶᠠᠨ ᠪᠠᠶᠢᠭᠤᠯᠤᠭᠰᠠᠨ ᠲᠤᠰᠬᠠᠶ ᠰᠡᠳᠦᠪᠲᠦ ᠪᠣᠯᠪᠠᠰᠤᠷᠠᠯ ᠳᠤ ᠣᠷᠣᠯᠴᠠᠭᠤᠯᠵᠤ᠂ ᠤᠷᠤᠭᠰᠢᠲᠠᠶ ᠪᠠᠷ ᠰᠤᠷᠤᠯᠭ᠎ᠠ | ᠡᠬᠢᠯᠡᠬᠦ ᠪᠠ ᠬᠢᠴᠢᠶᠡᠯ ᠡᠬᠢᠯᠡᠬᠦ ᠶᠢ ᠪᠠᠲᠤᠯᠠᠬᠤ ᠶᠢᠨ ᠬᠠᠮᠲᠤ ᠥᠪᠡᠷᠲᠡᠭᠡᠨ ᠵᠠᠰᠠᠬᠤ ᠣᠷᠣᠨ ᠤ ᠱᠠᠭᠠᠷᠳᠠᠯᠭ᠎ᠠ ᠶᠢ | ᠴᠢᠩᠭ᠎ᠠ ᠵᠢᠷᠤᠮᠯᠠᠨ᠂ ᠪᠤᠰᠤᠳ ᠬᠢᠴᠢᠶᠡᠯ ᠤᠨ ᠪᠠᠶᠢᠷᠢᠯᠠᠭᠤᠯᠤᠯᠲᠠ ᠶᠢ ᠬᠤᠪᠢᠷᠠᠭᠤᠯᠬᠤ ᠥᠬᠡᠶ ᠪᠠ ︽ᠬᠤᠤᠰ ᠬᠡᠯᠡᠨ ᠤ | ᠵᠢᠭᠠᠨ ᠰᠤᠷᠭᠠᠯᠲᠠ︾ ᠶᠢᠨ ᠰᠢᠰᠲ᠋ᠧᠮᠵᠢ ᠶᠢ ᠬᠤᠪᠢᠷᠠᠭᠤᠯᠬᠤ ᠥᠬᠡᠶ ᠪᠠᠶᠢᠬᠤ ᠶᠢ ᠪᠠᠲᠤᠯᠠᠪᠠ᠃ ᠵᠢᠭᠠᠨ ᠰᠤᠳᠤᠯᠬᠤ | ᠲᠠᠰᠤᠭ ᠠᠴᠠ 2 ᠬᠡᠯᠡ ᠪᠢᠴᠢᠭ ᠤᠨ ᠵᠢᠭᠠᠨ ᠰᠤᠳᠤᠯᠤᠭᠴᠢ ᠰᠣᠩᠭᠤᠨ ᠬᠤᠲᠠ ᠶᠢᠨ ᠮᠣᠩᠭᠤᠯ ᠦᠨᠳᠦᠰᠦᠳᠡᠨ ᠤ | ᠰᠤᠷᠭᠠᠭᠤᠯᠢ ᠳᠤ ᠭᠦᠨᠵᠡᠭᠡᠶᠢᠷᠡᠨ ᠪᠠᠭ᠎ᠠ ᠰᠤᠷᠭᠠᠭᠤᠯᠢ ᠶᠢᠨ ᠨᠢᠭᠡᠳᠦᠭᠡᠷ ᠣᠨ ᠪᠠ ᠠᠩᠬ᠎ᠠ ᠳᠤᠮᠳᠠᠳᠤ ᠶᠢᠨ ᠨᠢᠭᠡᠳᠦᠭᠡᠷ | ᠣᠨ ᠤ ︽ᠬᠡᠯᠡ ᠪᠢᠴᠢᠭ︾ ᠤᠨ ᠬᠢᠴᠢᠶᠡᠯᠯᠡᠭᠴᠢ ᠪᠠᠭᠰᠢ ᠲᠠᠢ ᠰᠣᠯᠢᠯᠴᠠᠭ᠎ᠠ ᠬᠢᠵᠦ ᠰᠤᠳᠤᠯᠤᠨ ᠶᠠᠷᠢᠯᠴᠠᠵᠣ᠂ ᠵᠢᠭᠠᠨ | ᠰᠤᠷᠭᠠᠯᠲᠠ ᠶᠢᠨ ᠶᠠᠪᠤᠴᠠ ᠳᠤ ᠲᠤᠯᠭᠠᠷᠠᠭᠰᠠᠨ ᠬᠦᠴᠢᠷᠳᠡᠯ ᠪᠣᠯᠤᠨ ᠠᠰᠠᠭᠤᠳᠠᠯ ᠢ ᠨᠢ ᠬᠠᠪᠰᠤᠷᠤᠨ ᠰᠢᠢᠳᠪᠦᠷᠢᠯᠡᠵᠦ | ᠂ ᠤᠳᠤ ᠪᠣᠯᠲᠠᠯ᠎ᠠ ᠮᠥᠨ ᠬᠦ ᠬᠤᠳᠠ ᠶᠢᠨ ᠮᠣᠩᠭᠤᠯ ᠦᠨᠳᠦᠰᠦᠲᠡᠨ ᠤ ᠰᠤᠷᠭᠠᠭᠤᠯᠢ ᠳᠤ ᠰᠤᠷᠭᠠᠨ ᠬᠥᠮᠦᠵᠢᠯ | ᠵᠢᠭᠠᠨ ᠰᠤᠷᠭᠠᠯᠲᠠ ᠶᠢᠨ ᠠᠵᠢᠯ ᠢ ᠵᠢᠯᠣᠭᠤᠳᠴᠤ ᠪᠠᠶᠢᠨ᠎ᠠ᠃ | ᠲᠦᠷᠪᠡ ᠳᠤ ᠦᠨᠳᠦᠰᠦᠲᠡᠨ ᠤ ᠪᠦᠯᠬᠦᠮᠳᠡᠯ ᠲᠠᠪᠰᠢᠯᠳᠠ ᠶᠢᠨ ᠬᠥᠮᠦᠵᠢᠯ ᠢ ᠴᠢᠩᠭᠠᠳᠬᠠᠵᠤ᠂ ᠳᠤᠮᠳᠠᠳᠤ ᠶᠢᠨ | ᠦᠨᠳᠦᠰᠦᠳᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠤᠭᠴᠠᠯᠠᠪᠠ᠃ ᠪᠦᠬᠦ ᠬᠤᠲᠠ ᠶᠢᠨ ᠰᠤᠷᠭᠠᠨ | ᠬᠥᠮᠦᠵᠢᠯ ᠤᠨ ᠰᠢᠰᠲ᠋ᠧᠮ ᠤᠨ 121 ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠳᠠ ᠳᠤ ᠤᠯᠤᠰ | ᠠᠴᠠ ᠨᠢᠭᠡᠳᠦᠯᠲᠡᠶ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ ᠬᠡᠷᠡᠭᠯᠡᠬᠦ ᠠᠵᠢᠯ ᠤᠨ ᠲᠥᠷᠥ ᠶᠢᠨ ᠪᠣᠳᠣᠯᠭ᠎ᠠ ᠶᠢᠨ | ᠲᠠᠶᠢᠯᠤᠮᠵᠢ ᠪᠣᠯᠤᠨ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠬᠥᠮᠦᠵᠢᠯ ᠤᠨ ︽ᠭᠤᠤᠯ ᠰᠡᠳᠦᠪᠲᠦ ᠨᠠᠮ ᠤᠨ | ᠡᠳᠦᠷᠯᠢᠭ︾ ᠤᠨ ᠠᠵᠢᠯᠯᠠᠭ᠎ᠠ ᠦᠷᠨᠢᠬᠦᠯᠵᠦ᠂ ᠪᠦᠬᠦ ᠬᠤᠲᠠ ᠶᠢᠨ ᠳᠤᠮᠳᠠᠳᠤ ᠪᠠᠭ᠎ᠠ ᠰᠤᠷᠭᠠᠭᠤᠯᠢ ᠶᠢᠨ 1330 | ᠠᠩᠭᠢ ᠶᠢᠨ ᠳᠣᠲᠣᠷ᠎ᠠ ᠦᠨᠳᠦᠰᠦᠲᠡᠨ ᠤ ᠪᠦᠯᠬᠦᠮᠳᠡᠯ ᠤᠨ ᠬᠥᠮᠦᠵᠢᠯ ᠢᠶᠠᠷ ᠭᠤᠤᠯ ᠰᠡᠳᠦᠪ ᠪᠣᠯᠭᠠᠭᠰᠠᠨ ᠠᠩᠭᠢ | ︵ᠪᠦᠯᠬᠦᠮ︶ ᠶᠢᠨ ᠬᠥᠳᠡᠯᠭᠡᠭᠡᠨ ᠥᠷᠨᠢᠭᠦᠯᠵᠤ᠂ ᠤᠯᠤᠰ ᠤᠨ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢ | ᠡᠷᠡᠰ ᠭᠤᠶᠢᠪᠢᠰᠢ ᠦᠭᠡᠢ ᠬᠡᠷᠡᠭᠵᠢᠭᠦᠯᠵᠦ᠂ ᠡᠬᠡ ᠣᠷᠣᠨᠴᠢ ᠦᠵᠡᠯ ᠤᠨ ᠬᠠᠶᠢᠷ᠎ᠠ ᠰᠡᠳᠬᠢᠯᠭᠡ ᠶᠢ ᠵᠤᠵᠠᠭᠠᠳᠬᠠᠵᠤ᠂ | ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠤᠭᠴᠠ ᠶᠢᠨ ᠤᠬᠠᠮᠰᠠᠷ ᠢ ᠬᠥᠮᠦᠰ ᠤᠨ ᠰᠡᠳᠬᠢᠯ ᠳᠤ | ᠬᠠᠳᠠᠩᠰᠢᠭᠤᠯᠪᠠ᠃ ᠬᠤᠲᠠ ᠶᠢᠨ ᠨᠠᠮ ᠤᠨ ᠬᠤᠷᠢᠶᠠᠨ ᠤ ᠨᠠᠮ ᠤᠨ ᠰᠤᠷᠭᠠᠭᠤᠯᠢ ᠪᠣᠯᠤᠨ ᠡᠪᠯᠡᠯ ᠤᠨ ᠬᠤᠷᠢᠶᠠᠨ ᠤ | ᠲᠤᠰᠬᠠᠶ ᠮᠡᠷᠭᠡᠵᠢᠯᠳᠡᠨ ᠡᠷᠳᠡᠮᠲᠡᠳ ᠢ ᠤᠷᠢᠵᠦ᠂ ᠬᠤᠲᠠ ᠲᠣᠭᠤᠷᠢᠭ ᠬᠤᠶᠠᠷ ᠱᠠᠲᠤᠨ ᠤ ᠰᠤᠷᠭᠠᠨ ᠬᠥᠮᠦᠵᠢᠯ ᠤᠨ | ᠲᠣᠪᠴᠢᠶᠠᠨ ᠤ ᠣᠳᠣᠷᠢᠳᠬᠤ ᠪᠠᠭ ᠤᠨ ᠪᠦᠷᠢᠯᠳᠦᠬᠦᠨ᠂ ᠪᠦᠬᠦ ᠬᠤᠲᠠ ᠶᠢᠨ ᠳᠤᠮᠳᠠᠳᠤ ᠪᠠᠭ᠎ᠠ ᠰᠤᠷᠭᠠᠭᠤᠯᠢ ᠶᠢᠨ | ᠰᠤᠷᠭᠠᠭᠤᠯᠢ ᠶᠢᠨ ᠪᠠᠭ ᠤᠨ ᠪᠦᠷᠢᠯᠳᠦᠬᠦᠨ ᠵᠢᠴᠢ ᠬᠤᠲᠠ ᠶᠢᠨ ᠮᠣᠩᠭᠤᠯ ᠦᠨᠳᠦᠰᠦᠲᠡᠨ ᠤ ᠰᠤᠷᠭᠠᠭᠤᠯᠢ ᠶᠢᠨ ᠪᠦᠬᠦ | ᠪᠠᠭᠰᠢ ᠰᠤᠷᠤᠭᠴᠢᠳ ᠲᠤ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠬᠥᠮᠦᠵᠢᠯ ᠤᠨ ᠲᠤᠰᠬᠠᠶ ᠰᠡᠳᠦᠪᠲᠦ | ᠬᠦᠮᠦᠵᠢᠯ ᠤᠨ ᠲᠠᠶᠢᠯᠤᠮᠵᠢ ᠬᠢᠯᠬᠡᠵᠦ᠂ ᠥᠷᠭᠡᠨ ᠣᠯᠠᠨ ᠪᠠᠭᠰᠢ ᠰᠤᠷᠤᠭᠴᠢᠳ ᠢ ᠬᠥᠮᠦᠵᠢᠭᠦᠯᠦᠨ ᠵᠢᠯᠣᠭᠤᠳᠴᠤ | ᠪᠠᠶᠢᠭᠠᠳ ︽ᠭᠤᠷᠪᠠᠨ ᠰᠠᠯᠵᠤ ᠴᠢᠳᠠᠬᠤ ᠦᠭᠡᠢ︾ ᠦᠵᠡᠯ ᠰᠠᠨᠠᠭ᠎ᠠ ᠶᠢ ᠪᠠᠲᠤ ᠪᠠᠬᠢ ᠪᠤᠢ ᠪᠣᠯᠭᠠᠵᠤ᠂ ︽ᠲᠠᠪᠤᠨ | ᠬᠠᠮᠲᠤ ᠶᠢᠨ ᠲᠠᠨᠢᠯᠲᠠ︾ ᠪᠠᠨ ᠲᠠᠰᠤᠷᠠᠯᠲᠠ ᠥᠬᠡᠶ ᠴᠢᠩᠭᠠᠳᠬᠠᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ | ᠴᠣᠭᠴᠠ ᠶᠢᠨ ᠤᠬᠠᠮᠰᠠᠷ ᠢ ᠪᠠᠲᠤ ᠴᠤᠭᠴᠠᠯᠠᠪᠠ᠃ | ᠤᠯᠤᠰ ᠤᠨ ᠪᠠᠶᠠᠷ ᠤᠨ ᠡᠮᠦᠨ᠎ᠡ ᠬᠤᠶᠢᠨ᠎ᠠ ᠪᠦᠬᠦ ᠬᠤᠲᠠ ᠶᠢᠨ ᠳᠤᠮᠳᠠᠳᠤ ᠪᠠᠭ᠎ᠠ ᠰᠤᠷᠭᠠᠭᠤᠯᠢ ᠣᠯᠠᠨ | ᠵᠦᠢᠯ ᠤᠨ ᠬᠡᠯᠪᠡᠷᠢ ᠪᠠᠷ ︽ᠪᠢ ᠡᠬᠡ ᠤᠯᠤᠰ ᠲᠠᠢ ᠪᠠᠨ︾ ︽ᠰᠠᠬᠢᠨ ᠪᠠᠷᠠᠯᠠᠵᠤ ᠬᠠᠷᠢᠯᠴᠠᠨ ᠬᠠᠪᠰᠣᠷᠣᠯᠴᠠᠭᠰᠠᠨ | ᠦᠨᠳᠦᠰᠦᠲᠡᠨ ᠤ ᠬᠠᠶᠢᠷ᠎ᠠ ᠰᠡᠳᠬᠢᠯᠭᠡ · ᠰᠡᠳᠬᠢᠯ ᠨᠢᠭᠡᠳᠦᠨ ᠲᠤᠮᠳᠠᠲᠤ ᠶᠢᠨ ᠵᠡᠭᠦᠳᠦ ᠪᠠᠨ ᠬᠠᠮᠲᠤ ᠪᠠᠷ | ᠲᠡᠷᠭᠡᠯᠰᠢᠭᠦᠯᠦᠶ᠎ᠡ︾ ︽ᠪᠠᠳᠠᠷᠠᠯᠲᠤ ᠴᠠᠭ ᠦᠶ᠎ᠡ ᠶᠢᠨ ᠪᠠᠶᠠᠷ ᠤᠨ ᠡᠳᠦᠷ ᠡᠬᠡ ᠤᠯᠤᠰ ᠢᠶᠠᠨ ᠪᠡᠯᠭᠡᠯᠡᠶ᠎ᠡ︾ ︽ᠤᠯᠤᠰ | ᠤᠨ ᠲᠤᠭ ᠢ ᠬᠠᠮᠲᠤᠪᠠᠷ ᠮᠠᠨᠳᠣᠭᠤᠯᠵᠣ ᠤᠯᠤᠰ ᠤᠨ ᠳᠠᠭᠤᠤ ᠶᠢ ᠬᠠᠮᠲᠤᠪᠠᠷ ᠳᠠᠭᠤᠯᠠᠨᠠᠮ — ᠦᠨᠳᠦᠰᠦᠲᠡᠨ ᠤ | ᠪᠦᠯᠬᠦᠮᠳᠡᠯ ᠨᠢᠭᠡ ᠭᠡᠷ ᠤᠨ ᠬᠥᠮᠦᠨ ᠮᠡᠲᠦ ᠳᠣᠲᠣᠨᠣ︾ ︽ᠡᠶ᠎ᠡ ᠵᠤᠬᠢᠴᠠᠯ ᠲᠠᠢ ᠰᠤᠷᠭᠠᠭᠤᠯᠢ ᠶᠢᠨ ᠬᠦᠷᠢᠶ᠎ᠡ ᠡᠶ᠎ᠡ | ᠵᠣᠬᠢᠴᠠᠯ ᠲᠠᠢ ᠪᠠᠭᠰᠢ ᠰᠤᠷᠤᠭᠴᠢ᠂ ᠰᠡᠳᠬᠢᠯ ᠰᠠᠨᠠᠭ᠎ᠠ ᠪᠠᠨ ᠳᠡᠯᠭᠡᠵᠦ ᠴᠤᠭ ᠵᠢᠪᠬᠤᠭ᠎ᠠ ᠪᠠᠨ ᠳᠡᠯᠭᠡᠨ ᠦᠵᠡᠭᠦᠯᠦᠶ᠎ᠡ︾ | ᠵᠡᠷᠭᠡ ᠰᠢᠷᠢᠰ ᠭᠤᠣᠯ ᠰᠡᠳᠦᠪᠲᠦ ᠬᠥᠮᠦᠵᠢᠯ ᠤᠨ ᠠᠵᠢᠯᠯᠠᠭ᠎ᠠ ᠪᠠ ᠭᠤᠣᠯ ᠰᠡᠳᠦᠪᠲᠦ ᠠᠩᠭᠢ ︵ᠪᠦᠯᠬᠦᠮ︶ ᠶᠢᠨ | ᠠᠩᠭᠢ ᠶᠢᠨ ᠠᠵᠢᠯᠯᠠᠭ᠎ᠠ ᠶᠢ 1000 ᠭᠠᠷᠤᠢ ᠤᠳᠠᠭ᠎ᠠ ᠦᠷᠨᠢᠬᠦᠯᠪᠡ᠃ 10 ᠰᠠᠷ᠎ᠠ ᠶᠢᠨ 1 ᠤ ᠦᠳᠡ ᠶᠢᠨ | ᠡᠮᠦᠨ᠎ᠡ᠂ ᠬᠤᠲᠠ ᠶᠢᠨ ᠰᠤᠷᠭᠠᠨ ᠬᠥᠮᠦᠵᠢᠯ ᠤᠨ ᠲᠣᠪᠴᠢᠶ᠎ᠠ ᠪᠠᠭᠰᠢ ᠰᠤᠷᠤᠭᠴᠢ ᠶᠢᠨ ᠵᠢᠭᠰᠠᠭᠠᠯ ᠢ ᠵᠤᠬᠢᠶᠠᠨ | ᠪᠠᠶᠢᠭᠤᠯᠵᠤ᠂ ᠬᠤᠲᠠ ᠶᠢᠨ ᠠᠷᠠᠳ ᠤᠨ ᠠᠭᠤᠳᠠᠮ ᠲᠠᠯᠠᠪᠠᠢ ᠳᠤ ︽ᠠᠷᠪᠠᠨ ᠰᠠᠷ᠎ᠠ ᠶᠢᠨ ᠨᠢᠭᠡᠨ︾ ᠤ ᠤᠯᠤᠰ ᠤᠨ | ᠪᠠᠶᠠᠷ ᠤᠨ ᠡᠳᠦᠷ ᠵᠢᠴᠢ ︽ᠤᠯᠤᠰ ᠤᠨ ᠲᠤᠭ ᠢ ᠬᠠᠮᠲᠤᠪᠠᠷ ᠮᠠᠨᠳᠣᠭᠤᠯᠵᠣ ᠤᠯᠤᠰ ᠤᠨ ᠳᠠᠭᠤᠤ ᠶᠢ ᠬᠠᠮᠲᠤᠪᠠᠷ | ᠳᠠᠭᠤᠯᠠᠨᠠᠮ︾ ᠬᠡᠬᠦ ᠤᠯᠤᠰ ᠤᠨ ᠲᠤᠭ ᠮᠠᠨᠳᠤᠭᠤᠯᠬᠤ ᠶᠣᠰᠣᠯᠠᠯ ᠳᠤ ᠣᠷᠣᠯᠴᠠᠵᠤ᠂ ᠪᠦᠬᠦ ᠪᠠᠭᠰᠢ ᠰᠤᠷᠤᠭᠴᠢᠳ ᠤᠨ | ᠨᠠᠮ ᠢᠶᠠᠨ ᠬᠠᠶᠢᠷᠠᠯᠠᠬᠤ ᠡᠬᠡ ᠣᠷᠣᠨ ᠢᠶᠠᠨ ᠬᠠᠶᠢᠷᠠᠯᠠᠬᠤ ᠬᠠᠯᠠᠭᠤᠨ ᠰᠡᠳᠬᠢᠯᠭᠡ ᠶᠢ ᠤᠯᠠᠮ ᠨᠢᠭᠡ ᠠᠯᠬᠤᠮ | ᠬᠥᠭᠵᠢᠭᠡᠵᠡᠢ᠃ | ᠲᠠᠪᠤ ᠳᠤ᠂ ᠡᠷᠲᠡᠬᠡᠨ ᠠᠷᠭ᠎ᠠ ᠰᠦᠪᠡᠭᠴᠢᠯᠡᠵᠦ ᠨᠢᠭᠡᠳᠦᠯᠲᠡᠶ ᠲᠥᠯᠥᠪᠯᠡᠨ ᠠᠬᠢᠭᠤᠯᠵᠤ᠂ ᠰᠤᠷᠤᠭᠴᠢᠳ ᠤᠨ | ᠣᠯᠣᠰ ᠤᠨ ᠪᠠᠶᠠᠷ ᠤᠨ ᠡᠳᠦᠷ ᠤᠨ ᠳᠠᠷᠠᠭ᠎ᠠ ᠪᠦᠬᠦᠨ ᠢᠶᠠᠷ ᠢᠶᠠᠨ ᠰᠤᠷᠭᠠᠭᠤᠯᠢ ᠳᠠᠭᠠᠨ ᠪᠤᠴᠠᠬᠤ ᠶᠢ ᠪᠠᠲᠤᠯᠠᠪᠠ᠃ | ᠣᠯᠣᠰ ᠤᠨ ᠪᠠᠶᠠᠷ ᠤᠨ ᠡᠳᠦᠷ ᠤᠨ ᠳᠠᠷᠠᠭ᠎ᠠ ᠰᠤᠷᠤᠭᠴᠢᠳ ᠤᠨ ᠬᠡᠪ ᠤᠨ ᠶᠣᠰᠣᠭᠠᠷ ᠰᠤᠷᠭᠠᠭᠤᠯᠢ ᠳᠠᠭᠠᠨ ᠪᠤᠴᠠᠬᠤ᠂ | ᠵᠢᠭᠠᠨ ᠰᠤᠷᠭᠠᠬᠤ ᠡᠮᠬᠢ ᠵᠢᠷᠤᠮ ᠤᠨ ᠡᠮᠬᠢ ᠳᠢᠭᠯᠢᠮ ᠲᠠᠢ ᠪᠠᠶᠢᠬᠤ ᠶᠢ ᠪᠠᠲᠤᠯᠠᠬᠤ ᠶᠢᠨ ᠲᠦᠯᠦᠭᠡ᠂ ᠬᠤᠲᠠ ᠶᠢᠨ | ᠮᠣᠩᠭᠤᠯ ᠦᠨᠳᠦᠰᠦᠲᠡᠨ ᠤ ᠰᠤᠷᠭᠠᠭᠤᠯᠢ ︽ᠦᠬᠠᠶ ᠬᠤᠲᠠ ᠶᠢᠨ ᠮᠣᠩᠭᠤᠯ ᠦᠨᠳᠦᠰᠦᠲᠡᠨ ᠤ ᠰᠤᠷᠭᠠᠭᠤᠯᠢ 10 | ᠰᠠᠷ᠎ᠠ ᠶᠢᠨ 6 ᠤ ᠡᠳᠦᠷ ᠠᠴᠠ ᠰᠤᠷᠤᠭᠴᠢᠳ ᠪᠦᠬᠦᠨ ᠢᠶᠠᠷ ᠢᠶᠠᠨ ᠰᠤᠷᠭᠠᠭᠤᠯᠢ ᠳᠠᠭᠠᠨ ᠪᠤᠴᠠᠬᠤ ᠠᠵᠢᠯ ᠤᠨ | ᠲᠥᠰᠦᠯ︾ ᠢ ᠰᠤᠳᠤᠯᠤᠨ ᠲᠣᠭᠲᠠᠭᠠᠵᠤ᠂ ᠤᠳᠤᠷᠢᠳᠬᠤ ᠳᠤᠭᠤᠶᠢᠯᠠᠩ ᠪᠠᠶᠢᠭᠤᠯᠪᠠ᠃ ᠠᠵᠢᠯ ᠤᠨ | ᠬᠠᠷᠢᠭᠤᠴᠠᠯᠭ᠎ᠠ ᠪᠠᠨ ᠲᠣᠳᠣᠷᠬᠠᠶᠢᠯᠠᠵᠤ᠂ 9 ᠵᠦᠢᠯ ᠤᠨ ᠪᠣᠳᠠᠲᠠᠶ ᠠᠷᠭ᠎ᠠ ᠬᠡᠮᠵᠢᠶ᠎ᠡ ᠠᠪᠬᠤ ᠶᠢᠨ ᠬᠠᠮᠲᠤ᠂ | ᠠᠮᠠᠷᠠᠯᠲᠠ ᠶᠢᠨ ᠬᠤᠭᠤᠴᠠᠭᠠᠨ ᠤ ᠴᠠᠭ ᠢ ᠠᠰᠢᠭᠯᠠᠨ ᠰᠤᠷᠭᠠᠭᠤᠯᠢ ᠶᠢᠨ ᠰᠠᠭᠤᠷᠢ ᠲᠥᠬᠦᠭᠡᠷᠦᠮᠵᠢ ᠪᠠᠨ ᠰᠡᠯᠪᠢᠨ | ᠵᠠᠰᠠᠬᠤ ᠪᠠ ᠰᠤᠷᠭᠠᠭᠤᠯᠢ ᠶᠢᠨ ᠬᠢᠨᠠᠨ ᠡᠵᠡᠮᠳᠡᠬᠦ ᠵᠢᠴᠢ ᠠᠮᠤᠷ ᠢ ᠬᠠᠮᠠᠭᠠᠯᠠᠬᠤ ᠲᠥᠬᠦᠭᠡᠷᠦᠮᠵᠢ ᠪᠠᠨ ᠰᠢᠨᠡᠳᠬᠡᠵᠦ᠂ | ᠰᠤᠷᠭᠠᠭᠤᠯᠢ ᠡᠬᠢᠯᠡᠭᠰᠡᠨ ᠤ ᠳᠠᠷᠠᠭᠠᠬᠢ ᠰᠤᠷᠭᠠᠭᠤᠯᠢ ᠶᠢᠨ ᠠᠵᠢᠯ ᠢ ᠡᠮᠬᠢ ᠵᠢᠷᠣᠮ ᠲᠠᠢ ᠪᠠᠷ ᠥᠷᠨᠢᠭᠦᠯᠬᠦ ᠳᠤ ᠠᠮᠤᠷ | ᠲᠦᠪᠰᠢᠨ ᠤ ᠪᠠᠲᠤᠯᠠᠭ᠎ᠠ ᠬᠠᠩᠭᠠᠪᠠ᠃ 10 ᠰᠠᠷ᠎ᠠ ᠶᠢᠨ 9 ᠤ ᠡᠳᠦᠷ ᠤᠨ ᠦᠳᠡ ᠶᠢᠨ ᠡᠮᠦᠨ᠎ᠡ᠂ ᠬᠤᠲᠠ ᠶᠢᠨ | ᠮᠣᠩᠭᠤᠯ ᠦᠨᠳᠦᠰᠦᠲᠡᠨ ᠤ ᠰᠤᠷᠭᠠᠭᠤᠯᠢ ᠶᠢᠨ 236 ᠰᠤᠷᠤᠭᠴᠢ ᠪᠦᠬᠦᠨ ᠢᠶᠠᠷ ᠢᠶᠠᠨ ᠰᠤᠷᠭᠠᠭᠤᠯᠢ ᠳᠠᠭᠠᠨ | ᠪᠤᠴᠠᠵᠤ ᠬᠢᠴᠢᠶᠡᠯ ᠣᠷᠣᠵᠤ᠂ ᠵᠢᠭᠠᠨ ᠰᠤᠷᠭᠠᠯᠲᠠ ᠶᠢᠨ ᠡᠮᠬᠢ ᠳᠢᠭᠯᠢᠮ ᠡᠮᠬᠢ ᠵᠢᠷᠣᠮ ᠲᠠᠢ ᠪᠣᠯᠪᠠ᠃ | ᠬᠤᠶᠠᠷ᠂ ᠲᠠᠷᠠᠭᠠᠴᠢ ᠶᠢᠨ ᠠᠯᠬᠤᠮ ᠤᠨ ᠠᠵᠢᠯ ᠤᠨ ᠠᠷᠭ᠎ᠠ ᠬᠡᠮᠵᠢᠶ᠎ᠡ | ᠲᠠᠷᠠᠭᠠᠴᠢ ᠶᠢᠨ ᠠᠯᠬᠤᠮ ᠳᠤ ᠰᠤᠷᠭᠠᠨ ᠬᠥᠮᠦᠵᠢᠯ ᠤᠨ ᠰᠢᠰᠲ᠋ᠧᠮ ᠲᠥᠪ ᠬᠤᠷᠢᠶ᠎ᠠ᠂ ᠥᠪᠡᠷᠲᠡᠭᠡᠨ ᠵᠠᠰᠠᠬᠤ | ᠣᠷᠣᠨ ᠪᠠ ᠬᠤᠲᠠ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠠᠯᠢ ᠣᠯᠠᠨ ᠠᠵᠢᠯ ᠤᠨ ᠪᠠᠶᠢᠷᠢᠯᠠᠭᠤᠯᠤᠯᠲᠠ | ᠶᠣᠰᠣᠭᠠᠷ᠂ ᠢᠯᠠᠩᠭᠤᠶ᠎ᠠ ᠬᠤᠲᠠ ᠶᠢᠨ ᠨᠠᠮ ᠤᠨ ᠬᠤᠷᠢᠶᠠᠨ ᠤ ᠱᠢ ᠸᠠᠨ ᠵᠢᠶᠦ᠋ᠨ ᠱᠦᠵᠢ ᠶᠢᠨ 10 ᠰᠠᠷ᠎ᠠ ᠶᠢᠨ | 9 ᠤ ᠡᠳᠦᠷ ᠬᠤᠲᠠ ᠶᠢᠨ ᠮᠣᠩᠭᠤᠯ ᠦᠨᠳᠦᠰᠦᠲᠡᠨ ᠤ ᠰᠤᠷᠭᠠᠭᠤᠯᠢ ᠶᠢᠨ ᠠᠵᠢᠯ ᠢ ᠪᠠᠶᠢᠴᠠᠭᠠᠨ ᠰᠤᠳᠤᠯᠬᠤ ᠳᠠᠭᠠᠨ | ᠳᠤᠷᠠᠳᠤᠭᠰᠠᠨ ︽ᠭᠤᠷᠪᠠᠨ ᠰᠢᠨ᠎ᠡ ᠬᠤᠪᠢᠷᠠᠯᠲᠠ︾ ︽ᠳᠥᠷᠪᠡ ᠶᠢ ᠪᠣᠳᠠᠲᠠᠶᠢᠵᠢᠭᠤᠯᠬᠤ︾ ︽ᠳᠥᠷᠪᠡᠨ ᠪᠥᠬᠦ ᠲᠠᠯ᠎ᠠ︾ | ︽ᠭᠤᠷᠪᠠ ᠶᠢ ᠶᠠᠭᠠᠬᠢᠭᠰᠠᠨ ᠴᠤ ᠪᠣᠯᠬᠤ ᠥᠬᠡᠶ︾ ᠭᠡᠬᠦ ᠠᠵᠢᠯ ᠤᠨ ᠱᠠᠭᠠᠷᠳᠠᠯᠭ᠎ᠠ ᠲᠠᠢ ᠨᠢᠭᠲᠠ ᠤᠶᠠᠯᠳᠤᠭᠤᠯᠤᠨ᠂ | ᠤᠯᠤᠰ ᠲᠥᠷᠥ ᠶᠢᠨ ᠵᠣᠭᠰᠣᠴᠠ ᠪᠠᠨ ᠳᠡᠭᠡᠭᠰᠢᠯᠡᠭᠦᠯᠵᠦ ᠨᠠᠶᠢᠳᠠᠪᠤᠷᠢᠵᠢᠭᠤᠯᠤᠯᠲᠠ ᠶᠢ ᠠᠳᠬᠤᠬᠤ᠂ ᠠᠰᠠᠭᠤᠳᠠᠯ ᠳᠤ | ᠠᠩᠬᠠᠷᠤᠯ ᠢᠶᠠᠨ ᠲᠥᠪᠯᠡᠷᠡᠭᠦᠯᠵᠦ ᠨᠠᠶᠢᠳᠠᠪᠤᠷᠢᠵᠢᠭᠤᠯᠤᠯᠲᠠ ᠶᠢ ᠠᠳᠬᠤᠬᠤ᠂ ᠴᠢᠩᠭ᠎ᠠ ᠪᠠᠶᠢᠬᠤ ᠶᠢ ᠲᠡᠷᠢᠭᠦᠨ ᠳᠤ | ᠲᠠᠯᠪᠢᠵᠦ ᠨᠠᠶᠢᠳᠠᠪᠤᠷᠢᠵᠢᠭᠤᠯᠤᠯᠳᠠ ᠶᠢ ᠠᠳᠬᠤᠬᠤ᠂ ᠦᠳᠳᠡᠷ ᠲᠦᠷᠭᠡᠨ ᠥᠨᠳᠥᠷ ᠪᠦᠲᠦᠮᠵᠢᠲᠡᠶ ᠪᠠᠷ | ᠨᠠᠶᠢᠳᠠᠪᠤᠷᠢᠵᠢᠭᠤᠯᠤᠯᠲᠠ ᠶᠢ ᠠᠳᠬᠤᠬᠤ᠂ ᠨᠠᠷᠢᠯᠢᠭ ᠪᠦᠭᠡᠳ ᠪᠣᠳᠠᠲᠠᠶ ᠪᠠᠷ ᠨᠠᠶᠢᠳᠠᠪᠤᠷᠢᠵᠢᠭᠤᠯᠤᠯᠲᠠ ᠶᠢ ᠠᠳᠬᠤᠬᠤ | ᠂ ᠲᠦᠷᠦᠬᠦᠯᠦᠨ ᠠᠬᠢᠭᠤᠯᠵᠤ ᠨᠠᠶᠢᠳᠠᠪᠤᠷᠢᠵᠢᠭᠤᠯᠤᠯᠲᠠ ᠶᠢ ᠠᠳᠬᠤᠬᠤ᠂ ᠨᠢᠭᠡ ᠯᠡ ᠤᠳᠠᠭ᠎ᠠ ᠳᠤ ᠰᠠᠶᠢᠲᠤᠷ ᠬᠢᠵᠦ | ᠨᠠᠶᠢᠳᠠᠪᠤᠷᠢᠵᠢᠭᠤᠯᠤᠯᠲᠠ ᠶᠢ ᠠᠳᠬᠤᠬᠤ᠂ ᠲᠣᠭᠲᠠᠴᠠ ᠪᠠᠨ ᠲᠡᠬᠦᠯᠳᠡᠷᠵᠢᠬᠦᠯᠵᠦ ᠨᠠᠶᠢᠳᠠᠪᠤᠷᠢᠵᠢᠭᠤᠯᠤᠯᠲᠠ ᠶᠢ | ᠠᠳᠬᠤᠬᠤ ᠵᠡᠷᠭᠡ 8 ᠲᠠᠯ᠎ᠠ ᠠᠴᠠ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠬᠥᠮᠦᠵᠢᠯ ᠪᠠ ᠳᠤᠮᠳᠠᠳᠤ ᠶᠢᠨ | ᠦᠨᠳᠦᠰᠦᠲᠡᠨ ᠤ ᠬᠠᠮᠲᠤ ᠶᠢᠨ ᠴᠤᠭᠴᠠ ᠶᠢᠨ ᠤᠬᠠᠮᠰᠠᠷ ᠤᠨ ᠬᠥᠮᠦᠵᠢᠯ ᠢ ᠴᠢᠩᠭᠠᠳᠬᠠᠵᠤ᠂ ᠰᠤᠷᠭᠠᠨ | ᠬᠥᠮᠦᠵᠢᠯ ᠤᠨ ᠠᠮᠢ ᠠᠬᠤᠶ ᠶᠢ ᠦᠷᠭᠦᠯᠵᠢᠯᠡᠨ ᠰᠢᠯᠢᠳᠡᠭᠵᠢᠭᠦᠯᠵᠦ᠂ ᠰᠤᠷᠭᠠᠨ ᠬᠥᠮᠦᠵᠢᠯ ᠤᠨ ᠤᠲᠤᠬᠢᠴᠢᠯᠠᠭᠰᠠᠨ | ᠵᠠᠰᠠᠯᠲᠠ ᠶᠢᠨ ᠴᠢᠳᠠᠪᠤᠷᠢ ᠪᠠ ᠬᠢᠷᠢ ᠲᠦᠪᠰᠢᠨ ᠢᠶᠠᠨ ᠲᠠᠰᠤᠷᠠᠯᠲᠠ ᠥᠬᠡᠶ ᠳᠡᠭᠡᠭᠰᠢᠯᠡᠭᠦᠯᠵᠦ᠂ ᠰᠤᠷᠭᠠᠨ ᠬᠦᠮᠦᠵᠢᠯ ᠢ | ᠰᠢᠯᠢᠳᠡᠭᠵᠢᠭᠦᠯᠬᠦ ᠲᠦᠭᠡᠮᠡᠯ ᠬᠠᠷᠠᠭᠠᠯᠵᠠᠯ ᠤᠨ ᠣᠷᠣᠨ ᠤ ᠨᠡᠶᠢᠭᠡᠮ ᠤᠨ ᠦᠷ᠎ᠡ ᠨᠥᠯᠥᠭᠡ ᠦᠨᠳᠦᠰᠦᠨ ᠳᠡᠭᠡᠨ | ᠢᠯᠡᠷᠡᠬᠦ ᠶᠢ ᠪᠥᠬᠦ ᠬᠦᠴᠦᠨ ᠢᠶᠠᠷ ᠠᠬᠢᠭᠤᠯᠤᠨ᠎ᠠ᠃ | |