12 ᠰᠠᠷ᠎ᠠ ᠶᠢᠨ 7 ᠤ ᠦᠳᠡ ᠶᠢᠨ ᠡᠮᠦᠨᠡᠬᠢ 11 ᠴᠠᠭ 35 ᠮᠢᠨᠦ᠋ᠲ ᠲᠤ᠂ PC-12 ᠨᠢᠰᠬᠡᠯ | ᠦᠬᠠᠶ ᠶᠢᠨ ᠨᠢᠰᠬᠡᠯ ᠤᠨ ᠪᠠᠭᠤᠳᠠᠯ ᠳᠤ ᠲᠣᠭᠲᠠᠭᠤᠨ ᠢᠶᠠᠷ ᠪᠠᠭᠤᠵᠤ᠂ ᠣᠷᠳᠣᠰ — ᠦᠬᠠᠶ — ᠪᠤᠭᠤᠲᠤ ᠬᠦᠷᠬᠦ | GM ᠠᠭᠠᠷ ᠤᠨ ᠠᠶᠠᠯᠠᠯ ᠤᠨ ᠱᠤᠭᠤᠮ ᠨᠢ ᠠᠩᠬᠠᠨ ᠤ ᠠᠶᠠᠯᠠᠯ ᠢᠶᠠᠨ ᠤᠭᠲᠤᠪᠠ᠃ | ᠣᠷᠳᠣᠰ — ᠦᠬᠠᠶ — ᠪᠤᠭᠤᠲᠤ ᠬᠦᠷᠬᠦ GM ᠠᠭᠠᠷ ᠤᠨ ᠠᠶᠠᠯᠠᠯ ᠤᠨ ᠨᠢᠰᠬᠡᠯ ᠨᠢ᠂ ᠤᠮᠠᠷᠠᠲᠤ ᠶᠢᠨ | ᠲᠦᠷᠭᠡᠨ ᠱᠤᠭᠤᠮ ᠤᠨ GM ᠠᠭᠠᠷ ᠠᠶᠠᠯᠠᠯ ᠤᠨ ᠺᠣᠮᠫᠠᠨᠢ ᠶᠢᠨ PC-12 ᠬᠡᠯᠪᠡᠷᠢ ᠶᠢᠨ ᠨᠢᠰᠬᠡᠯ᠂ ᠲᠤᠰ | ᠡᠭᠡᠯᠵᠢ ᠶᠢᠨ ᠨᠢᠰᠬᠡᠯ ᠨᠢ ᠬᠠᠮᠤᠭ ᠣᠯᠠᠨ ᠳᠠᠭᠠᠨ 8 ᠬᠦᠮᠦᠨ ᠠᠴᠢᠶᠠᠯᠠᠵᠤ᠂ ᠨᠢᠰᠭᠡᠯ ᠤᠨ ᠡᠭᠡᠯᠵᠢ ᠨᠢ ᠭᠠᠷᠠᠭ ᠤᠨ | ᠨᠢᠭᠡᠨ᠂ ᠭᠠᠷᠠᠭ ᠤᠨ ᠭᠤᠷᠪᠠᠨ᠂ ᠭᠠᠷᠠᠭ ᠤᠨ ᠲᠠᠪᠤᠨ᠂ ᠭᠠᠷᠠᠭ ᠤᠨ ᠡᠳᠦᠷ ᠨᠢᠰᠴᠦ᠂ ᠭᠠᠷᠠᠭ ᠪᠦᠷᠢ ᠳᠥᠷᠪᠡᠨ | ᠡᠭᠡᠯᠵᠢ ᠨᠢᠰᠦᠨ᠎ᠡ᠃ | ᠣᠶᠢᠯᠠᠭᠠᠭᠰᠠᠨ ᠢᠶᠠᠷ᠂ ᠣᠷᠳᠣᠰ ᠠᠴᠠ ᠦᠬᠠᠶ ᠬᠦᠷᠲᠡᠯ᠎ᠡ᠂ ᠡᠭᠡᠯᠵᠢ ᠶᠢᠨ ᠨᠢᠰᠬᠡᠯ ᠤᠨ ᠨᠣᠮᠧᠷ ᠨᠢ | N01501᠂ ᠥᠷᠯᠥᠭᠡ ᠶᠢᠨ 9 ᠴᠠᠭ ᠲᠤ ᠣᠷᠳᠣᠰ ᠠᠴᠠ ᠨᠢᠰᠴᠦ᠂ 10 ᠴᠠᠭ ᠬᠠᠭᠠᠰ ᠲᠤ ᠦᠬᠠᠶ ᠳᠤ | ᠬᠦᠷᠦᠨ᠎ᠡ︔ ᠦᠬᠠᠢ ᠠᠴᠠ ᠪᠤᠭᠤᠲᠤ ᠬᠦᠷᠬᠦ ᠡᠭᠡᠯᠵᠢ ᠶᠢᠨ ᠨᠢᠰᠬᠡᠯ ᠤᠨ ᠨᠣᠮᠧᠷ ᠨᠢ N01502᠂ ᠦᠳᠡ ᠶᠢᠨ | 11 ᠴᠠᠭ ᠲᠤ ᠦᠬᠠᠢ ᠠᠴᠠ ᠨᠢᠰᠴᠦ᠂ 12 ᠴᠠᠭ ᠲᠤ ᠪᠤᠭᠤᠲᠤ ᠳᠤ ᠬᠦᠷᠦᠨ᠎ᠡ︔ ᠪᠤᠭᠤᠲᠤ ᠠᠴᠠ ᠦᠬᠠᠢ ᠬᠦᠷᠬᠦ | ᠡᠭᠡᠯᠵᠢ ᠶᠢᠨ ᠨᠢᠰᠬᠡᠯ ᠤᠨ ᠨᠣᠮᠧᠷ ᠨᠢ N01503᠂ ᠦᠳᠡ ᠶᠢᠨ ᠬᠤᠶᠢᠨᠠᠬᠢ 2 ᠴᠠᠭ ᠲᠤ ᠪᠤᠭᠤᠲᠤ ᠠᠴᠠ | ᠨᠢᠰᠴᠦ᠂ 3 ᠴᠠᠭ ᠲᠤ ᠦᠬᠠᠢ ᠬᠦᠷᠦᠨ᠎ᠡ︔ ᠦᠬᠠᠢ ᠠᠴᠠ ᠣᠷᠳᠣᠰ ᠬᠦᠷᠬᠦ ᠡᠭᠡᠯᠵᠢ ᠶᠢᠨ ᠨᠢᠰᠬᠡᠯ ᠤᠨ ᠨᠣᠮᠧᠷ | N01504᠂ ᠦᠳᠡ ᠬᠤᠶᠢᠨᠠᠬᠢ 3 ᠴᠠᠭ ᠬᠠᠭᠠᠰ ᠲᠤ ᠦᠬᠠᠢ ᠠᠴᠠ ᠨᠢᠰᠴᠦ᠂ 5 ᠴᠠᠭ ᠲᠤ ᠣᠷᠳᠣᠰ ᠲᠤ | ᠬᠦᠷᠦᠨ᠎ᠡ᠃ | ᠲᠣᠰ ᠠᠶᠠᠯᠠᠯ ᠤᠨ ᠱᠤᠭᠤᠮ ᠨᠢ ᠭᠤᠷᠪᠠᠨ ᠭᠠᠵᠠᠷ ᠤᠨ ᠬᠤᠭᠤᠷᠣᠨᠳᠣᠬᠢ ᠵᠠᠮ ᠬᠠᠷᠢᠯᠴᠠᠭᠠᠨ ᠤ ᠴᠠᠭ ᠢ | ᠪᠣᠭᠤᠨᠢᠰᠬᠠᠭᠰᠠᠨ ᠢᠶᠠᠷ ᠪᠠᠷᠠᠬᠤ ᠦᠭᠡᠢ᠂ ᠬᠢᠮᠳᠠ ᠨᠢᠰᠬᠡᠯ ᠤᠨ ᠪᠢᠯᠧᠲ ᠨᠢ ᠬᠤᠲᠠ ᠶᠢᠨ ᠠᠷᠠᠳ ᠤᠨ ᠶᠠᠪᠤᠵᠤ | ᠰᠠᠭᠤᠬᠤ ᠥᠪᠡᠷ ᠤᠨ ᠥᠷᠲᠡᠭ ᠢ ᠨᠡᠯᠢᠶᠡᠳ ᠶᠡᠭᠡ ᠪᠠᠷ ᠠᠷᠪᠢᠯᠠᠵᠤ ᠥᠭᠭᠦᠭᠰᠡᠨ ᠪᠡᠶᠢᠨ᠎ᠠ᠂ ᠡᠭᠦᠨ ᠳᠤ᠂ | ᠦᠬᠠᠢ ᠠᠴᠠ ᠪᠤᠭᠤᠲᠤ ᠬᠦᠷᠲᠡᠯ᠎ᠡ ᠵᠥᠪᠬᠡᠨ 150 ᠲᠥᠭᠦᠷᠢᠭ ᠬᠡᠷᠡᠭᠰᠡᠨ᠎ᠡ᠂ ᠦᠬᠠᠢ ᠠᠴᠠ ᠣᠷᠳᠣᠰ ᠬᠦᠷᠲᠡᠯ᠎ᠡ | ᠵᠥᠪᠬᠡᠨ 180 ᠲᠥᠭᠦᠷᠢᠭ ᠬᠡᠷᠡᠭᠰᠡᠨ᠎ᠡ᠃ | ᠲᠤᠰ ᠠᠶᠠᠯᠠᠯ ᠤᠨ ᠱᠤᠭᠤᠮ ᠨᠢ ᠥᠪᠥᠷ ᠮᠣᠩᠭᠤᠯ ᠤᠨ ᠪᠠᠷᠠᠭᠤᠨ ᠣᠷᠣᠨ ᠳᠠᠬᠢ ᠣᠶᠢᠷ᠎ᠠ ᠵᠠᠮ ᠤᠨ | ᠵᠥᠭᠡᠭᠡᠪᠦᠷᠢ ᠶᠢᠨ ᠠᠭᠠᠷ ᠤᠨ ᠵᠠᠮ ᠢ ᠬᠤᠯᠪᠤᠭᠰᠠᠨ ᠢᠶᠠᠷ ᠪᠠᠷᠠᠬᠤ ᠦᠭᠡᠢ᠂ ᠣᠷᠣᠨ ᠪᠦᠰᠡ ᠶᠢᠨ ᠳᠣᠲᠣᠷᠠᠬᠢ | ᠬᠤᠲᠠ ᠶᠢᠨ ᠬᠤᠭᠤᠷᠣᠨᠳᠣᠬᠢ ᠶᠠᠪᠤᠯᠴᠠᠭ᠎ᠠ ᠪᠠ ᠠᠵᠤ ᠠᠬᠤᠢ ᠶᠢᠨ ᠬᠥᠭᠵᠢᠯᠲᠡ ᠳᠤ ᠢᠳᠡᠪᠬᠢᠲᠡᠢ ᠠᠬᠢᠭᠤᠯᠬᠤ | ᠦᠢᠯᠡᠳᠦᠯ ᠦᠵᠡᠭᠦᠯᠵᠦ᠂ ᠮᠥᠨ ᠴᠦ ᠭᠤᠷᠪᠠᠨ ᠭᠠᠵᠠᠷ ᠤᠨ ᠠᠶᠠᠨᠴᠢᠳ ᠤᠨ ᠭᠠᠳᠠᠭᠰᠢ ᠭᠠᠷᠬᠤ ᠳᠤ ᠨᠠᠩ ᠣᠯᠠᠨ | ᠳᠥᠭᠦᠮ ᠦᠵᠡᠭᠦᠯᠪᠡ᠃ |