ᠬᠦᠨᠳᠦᠲᠦ ᠵᠣᠴᠢᠨ ᠬᠤᠷᠠᠨ ᠴᠤᠭᠯᠠᠷᠠᠵᠤ᠂ ᠦᠪᠡᠳᠡᠭᠰᠢ ᠨᠠᠶᠢᠷ ᠢ ᠬᠠᠮᠲᠤᠪᠠᠷ ᠰᠣᠨᠢᠷᠬᠠᠨᠠᠮ᠃ 9 ᠰᠠᠷ᠎ᠠ ᠶᠢᠨ | 22 ᠤᠨ ᠣᠷᠣᠶ᠂ ᠥᠪᠡᠷᠲᠡᠭᠡᠨ ᠵᠠᠰᠠᠬᠤ ᠣᠷᠣᠨ ᠤ ᠤᠳᠬ᠎ᠠ ᠤᠷᠠᠯᠢᠭ ᠤᠨ ᠬᠤᠯᠪᠣᠭ᠎ᠠ᠂ ᠬᠤᠲᠠ ᠶᠢᠨ ᠨᠠᠮ ᠤᠨ | ᠬᠤᠷᠢᠶᠠᠨ ᠤ ᠤᠬᠠᠭᠤᠯᠬᠤ ᠬᠡᠯᠲᠡᠰ ᠠᠴᠠ ᠭᠤᠤᠯᠯᠠᠨ ᠡᠷᠭᠢᠯᠡᠵᠦ᠂ ᠥᠪᠥᠷ ᠮᠣᠩᠭᠤᠯ ᠤᠨ ᠤᠳᠬ᠎ᠠ ᠤᠷᠠᠯᠢᠭ ᠤᠨ | ᠰᠠᠶᠢᠨ ᠲᠤᠷᠠᠴᠣᠳ ᠤᠨ ᠨᠡᠶᠢᠭᠡᠮᠯᠢᠭ ᠪᠣᠯᠤᠨ ᠬᠤᠲᠠ ᠶᠢᠨ ᠤᠳᠬ᠎ᠠ ᠤᠷᠠᠯᠢᠭ ᠤᠨ ᠬᠤᠯᠪᠣᠭ᠎ᠠ ᠠᠴᠠ ᠳᠠᠭᠠᠭᠠᠴᠢᠯᠠᠨ | ᠡᠷᠭᠢᠯᠡᠭᠰᠡᠨ ︽ᠣᠷᠠᠨ ᠪᠢᠴᠢᠯᠭᠡ ᠬᠠᠲᠤᠨ ᠭᠤᠤᠯ ᠯᠤᠭ᠎ᠠ ᠠᠭᠤᠰᠣᠯᠴᠠᠨᠠᠮ — ᠥᠪᠥᠷ ᠮᠣᠩᠭᠤᠯ ᠤᠨ ᠤᠳᠬ᠎ᠠ | ᠤᠷᠠᠯᠢᠭ ᠤᠨ ᠬᠤᠯᠪᠣᠭ᠎ᠠ ᠶᠢᠨ ᠤᠳᠬ᠎ᠠ ᠤᠷᠠᠯᠢᠭ ᠤᠨ ᠰᠠᠶᠢᠨ ᠳᠤᠷ᠎ᠠ ᠶᠢᠨ ᠦᠢᠯᠡᠴᠢᠯᠡᠭᠡᠨ ᠤ ᠪᠦᠯᠬᠦᠮ ᠤᠨ ᠦᠬᠠᠢ | ᠳᠠᠬᠢ ᠠᠵᠢᠯᠯᠠᠭ᠎ᠠ︾ ᠶᠢᠨ ᠤᠷᠠᠨ ᠰᠠᠶᠢᠬᠠᠨ ᠤ ᠲᠣᠭᠯᠠᠯᠲᠠ ᠣᠲᠣ ᠦᠶ᠎ᠡ ᠶᠢᠨ ᠳᠤᠮᠳᠠᠳᠤ ᠤᠯᠤᠰ ᠤᠨ ᠤᠷᠠᠨ | ᠪᠢᠴᠢᠯᠭᠡ ᠣᠷᠠᠯᠢᠭ ᠤᠨ ᠣᠷᠳᠣᠨ ᠳᠤ ᠶᠠᠪᠤᠭᠳᠠᠪᠠ᠃ | ᠳᠤᠮᠳᠠᠳᠤ ᠤᠯᠤᠰ ᠤᠨ ᠤᠷᠠᠨ ᠪᠢᠴᠢᠯᠭᠡᠲᠡᠨ ᠤ ᠨᠡᠶᠢᠭᠡᠮᠯᠢᠭ ᠤᠨ ᠲᠡᠷᠢᠭᠦᠯᠡᠭᠴᠢ ᠰᠣ᠋ ᠱᠢ ᠫᠧᠩ᠂ ᠳᠤᠮᠳᠠᠳᠤ | ᠤᠯᠤᠰ ᠤᠨ ᠤᠷᠠᠨ ᠪᠢᠴᠢᠯᠭᠡ ᠶᠢᠨ ᠬᠡᠪᠯᠡᠯ ᠵᠠᠭᠤᠴᠢᠯᠠᠭᠤᠷ ᠤᠨ ᠬᠢᠵᠠᠭᠠᠷᠲᠤ ᠬᠠᠷᠢᠭᠤᠴᠠᠯᠭᠠᠲᠤ ᠺᠤᠮᠫᠠᠨᠢ ᠶᠢᠨ ᠬᠡᠷᠡᠭ | ᠮᠡᠳᠡᠭᠴᠢᠳ ᠤᠨ ᠳᠠᠷᠤᠭ᠎ᠠ᠂ ᠶᠡᠷᠦᠩᠬᠡᠶ ᠳᠠᠭᠠᠭᠠᠮᠠᠯ ᠯᠢ ᠶᠢᠦ ᠯᠠᠶ᠂ ᠥᠪᠡᠷᠲᠡᠭᠡᠨ ᠵᠠᠰᠠᠬᠤ ᠣᠷᠣᠨ ᠤ ᠤᠳᠬ᠎ᠠ | ᠤᠷᠠᠯᠢᠭ ᠤᠨ ᠬᠤᠯᠪᠣᠭ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ ᠵᠢᠶ ᠰᠢᠶᠣᠤ ᠴᠢᠩ᠂ | ᠬᠤᠲᠠ ᠶᠢᠨ ᠨᠠᠮ ᠤᠨ ᠬᠤᠷᠢᠶᠠᠨ ᠤ ᠱᠦᠵᠢ ᠱᠢ ᠸᠠᠨ ᠵᠢᠶᠦ᠋ᠨ᠂ ᠬᠤᠲᠠ ᠶᠢᠨ ᠨᠠᠮ ᠤᠨ ᠬᠤᠷᠢᠶᠠᠨ ᠤ ᠳᠡᠳ᠋ | ᠱᠦᠵᠢ᠂ ᠬᠤᠲᠠ ᠶᠢᠨ ᠳᠠᠷᠤᠭ᠎ᠠ ᠳᠠᠩ ᠢ᠂ ᠬᠤᠲᠠ ᠶᠢᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶᠠᠨ ᠤ ᠡᠷᠬᠢᠯᠡᠭᠴᠢ ᠬᠠᠨ ᠬᠦᠸᠧ ᠦ᠋᠂ ᠬᠤᠲᠠ ᠶᠢᠨ ᠤᠯᠤᠰ ᠲᠥᠷᠦ ᠶᠢᠨ ᠵᠥᠪᠯᠡᠯᠭᠡᠨ ᠤ | ᠲᠡᠷᠢᠭᠦᠯᠡᠭᠴᠢ ᠸᠠᠩ ᠸᠧᠨ ᠵᠢᠶᠧ᠂ ᠬᠤᠲᠠ ᠶᠢᠨ ᠨᠠᠮ ᠤᠨ ᠬᠤᠷᠢᠶᠠᠨ ᠤ ᠳᠡᠳ᠋ ᠱᠦᠵᠢ᠂ ᠬᠤᠲᠠ ᠶᠢᠨ ᠨᠠᠮ ᠤᠨ | ᠬᠤᠷᠢᠶᠠᠨ ᠤ ᠤᠯᠤᠰ ᠲᠥᠷᠥ ᠬᠠᠤᠯᠢ ᠴᠠᠭᠠᠵᠠ ᠶᠢᠨ ᠬᠤᠷᠢᠶᠠᠨ ᠤ ᠱᠦᠵᠢ᠂ ᠬᠠᠶᠢᠷᠤᠪ ᠤᠨ ᠲᠣᠬᠤᠢ | ᠲᠣᠭᠤᠷᠢᠭ ᠤᠨ ᠨᠠᠮ ᠤᠨ ᠬᠤᠷᠢᠶᠠᠨ ᠤ ᠱᠦᠵᠢ ᠴᠢ ᠹᠸᠢ ᠶᠦᠨ ᠨᠠᠷ ᠲᠣᠭᠯᠠᠯᠲᠠ ᠶᠢ ᠰᠣᠨᠢᠷᠬᠠᠪᠠ᠃ | ᠡᠨᠡ ᠤᠳᠠᠭᠠᠨ ᠤ ᠤᠷᠠᠨ ᠰᠠᠶᠢᠬᠠᠨ ᠤ ᠲᠣᠭᠯᠠᠯᠲᠠ ᠪᠣᠯ ᠶᠡᠷᠦᠩᠬᠡᠶ ᠱᠦᠵᠢ ᠰᠢ ᠶᠢᠨ ᠫᠢᠩ ᠤᠨ ᠠᠷᠪᠠᠨ | ᠭᠤᠷᠪᠠᠳᠣᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ | ᠭᠤᠷᠪᠠᠳᠤᠭᠠᠷ ᠬᠤᠷᠠᠯᠳᠣᠭᠠᠨ ᠤ ᠥᠪᠥᠷ ᠮᠣᠩᠭᠤᠯ ᠤᠨ ᠲᠥᠯᠥᠭᠡᠯᠡᠭᠴᠢᠳ ᠤᠨ ᠪᠦᠯᠬᠦᠮ ᠤᠨ ᠬᠢᠨᠠᠨ ᠵᠥᠪᠯᠡᠬᠦ ᠳᠤ | ᠣᠷᠣᠯᠴᠠᠬᠤ ᠦᠶ᠎ᠡ ᠶᠢᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠭᠦᠨᠵᠡᠭᠡᠶ ᠲᠤᠤᠱᠯᠠᠭᠤᠯᠵᠤ᠂ ᠠᠷᠠᠳ ᠲᠦᠮᠡᠨ ᠢ | ᠳᠡᠭᠡᠳᠦᠯᠡᠬᠦ᠂ ᠠᠷᠠᠳ ᠲᠦᠮᠡᠨ ᠳᠤ ᠴᠢᠩᠭ᠎ᠠ ᠲᠦᠰᠢᠭᠯᠡᠬᠦ᠂ ᠠᠷᠠᠳ ᠲᠦᠮᠡᠨ ᠳᠤ ᠲᠠᠰᠤᠷᠠᠯᠲᠠ ᠦᠭᠡᠢ ᠪᠤᠶᠠᠨ | ᠦᠢᠯᠡᠳᠬᠦ᠂ ᠠᠷᠠᠳ ᠲᠦᠮᠡᠨ ᠳᠤ ᠪᠠᠲᠤ ᠦᠨᠳᠦᠰᠦᠯᠡᠭᠰᠡᠨ ᠨᠢᠭᠡ ᠤᠳᠠᠭᠠᠨ ᠤ ᠪᠣᠳᠠᠲᠠᠶ ᠦᠢᠯᠡᠳᠦᠯᠭᠡ ᠶᠢ | ᠪᠠᠷᠢᠮᠲᠠᠯᠠᠵᠤ᠂ ᠬᠠᠳᠤᠨ ᠭᠤᠣᠯ ᠤᠨ ᠰᠣᠶᠣᠯ ᠢ ᠤᠯᠠᠮᠵᠢᠯᠠᠨ ᠵᠠᠯᠭᠠᠮᠵᠢᠯᠠᠵᠤ᠂ ᠣᠶᠤᠨ ᠰᠠᠨᠠᠭᠠᠨ ᠤ ᠬᠦᠴᠦᠨ ᠢ | ᠨᠢᠭᠲᠠᠷᠠᠭᠤᠯᠵᠤ᠂ ᠪᠣᠳᠠᠲᠤ ᠠᠵᠢᠯᠯᠠᠭ᠎ᠠ ᠪᠠᠷ ᠢᠶᠠᠨ ᠡᠵᠢ ᠭᠤᠣᠯ ᠢᠶᠠᠨ ᠬᠠᠮᠠᠭᠠᠯᠠᠵᠤ᠂ ᠤᠳᠬ᠎ᠠ ᠤᠷᠠᠯᠢᠭ ᠤᠨ | ᠬᠡᠯᠪᠡᠷᠢ ᠪᠠᠷ ᠡᠵᠢ ᠭᠤᠣᠯ ᠢᠶᠠᠨ ᠮᠠᠭᠲᠠᠨ ᠲᠠᠭᠤᠯᠠᠬᠤ ᠶᠢᠨ ᠬᠠᠮᠲᠤ᠂ ᠳᠤᠮᠳᠠᠳᠤ ᠤᠯᠤᠰ ᠤᠨ ᠤᠷᠠᠨ ᠪᠢᠴᠢᠯᠭᠡ ᠶᠢᠨ | ᠬᠤᠲᠠ · ᠦᠬᠠᠶ ᠭᠡᠬᠦ ᠡᠨᠡ ᠬᠦ ᠬᠠᠲᠤᠨ ᠭᠤᠤᠯ ᠤᠨ ︽几︾ ᠦᠰᠦᠭᠲᠦ ᠲᠤᠬᠤᠢ ᠳᠡᠭᠡᠷ᠎ᠡ ᠰᠢᠭᠢᠳᠬᠡᠭᠰᠡᠨ | ᠭᠡᠷᠡᠯᠲᠦ ᠰᠤᠪᠤᠳ ᠤᠨ ᠭᠡᠷᠡᠯ ᠭᠢᠯᠪᠠᠭ᠎ᠠ ᠪᠠᠨ ᠳᠡᠯᠭᠡᠨ ᠦᠵᠡᠭᠦᠯᠵᠡᠶ᠃ | ᠲᠤᠬᠠᠢ ᠶᠢᠨ ᠣᠷᠣᠢ᠂ ᠣᠳᠣ ᠦᠶ᠎ᠡ ᠶᠢᠨ ᠳᠤᠮᠳᠠᠳᠤ ᠤᠯᠤᠰ ᠤᠨ ᠤᠷᠠᠨ ᠪᠢᠴᠢᠯᠭᠡ ᠤᠷᠠᠯᠢᠭ ᠤᠨ | ᠣᠷᠳᠣᠨ ᠤ ᠲᠢᠶᠠᠲᠷ ᠲᠤ ᠥᠩᠭᠡ ᠭᠢᠯᠪᠠᠭ᠎ᠠ ᠰᠠᠴᠣᠷᠠᠵᠤ᠂ ᠪᠠᠶᠠᠷ ᠪᠠᠭ᠋ᠠᠳᠤᠯ ᠢᠶᠠᠷ ᠪᠢᠯᠬᠠᠭᠰᠠᠨ ᠶᠤᠮ᠃ ᠤᠷᠤᠢ ᠶᠢᠨ | 8 ᠴᠠᠭ ᠲᠤ᠂ ᠲᠣᠭᠯᠠᠯᠲᠠ ᠨᠢ ᠰᠦᠷ ᠳᠠᠯᠠᠶᠢᠴᠠᠲᠠᠢ᠂ ᠣᠷᠭᠢᠯᠤᠮ᠎ᠠ ᠬᠠᠯᠠᠭᠤᠨ ᠰᠡᠳᠬᠢᠯᠭᠡ ᠲᠠᠢ ︽ᠣᠷᠠᠨ ᠪᠢᠴᠢᠯᠭᠡ | ᠬᠠᠲᠤᠨ ᠭᠤᠤᠯ ᠯᠤᠭ᠎ᠠ ᠠᠭᠤᠰᠣᠯᠴᠠᠨᠠᠮ︾ ᠬᠡᠬᠦ ᠪᠥᠵᠢᠭ ᠤᠨ ᠳᠤᠮᠳᠠ ᠬᠥᠰᠢᠭᠡ ᠪᠠᠨ ᠰᠡᠬᠦᠪᠡ᠃ ᠲᠣᠭᠯᠠᠯᠲᠠ ᠨᠢ | ︽ᠬᠠᠲᠤᠨ ᠭᠤᠣᠯ ᠤᠨ ᠬᠥᠭ ᠠᠶᠠᠰ︾ ︽ᠬᠠᠲᠤᠨ ᠭᠤᠣᠯ ᠤᠨ ᠰᠦᠭ ᠰᠦᠯᠳᠡ︾ ︽ᠬᠠᠲᠤᠨ ᠭᠤᠣᠯ ᠤᠨ | ᠵᠡᠭᠦᠳᠦ︾ ᠭᠡᠬᠦ 3 ᠪᠦᠯᠦᠭ ᠢᠶᠠᠷ ᠪᠦᠷᠢᠯᠳᠦᠵᠦ᠂ ᠪᠥᠵᠢᠭ᠂ ᠳᠠᠭᠤᠤ᠂ ᠢᠷᠠᠭᠤ ᠤᠩᠰᠢᠯᠭ᠎ᠠ᠂ ᠭᠤᠴᠣᠯᠠᠯ | ᠬᠥᠭᠵᠢᠮ ᠵᠡᠷᠭᠡ ᠣᠯᠠᠨ ᠵᠦᠢᠯ ᠤᠨ ᠬᠡᠯᠪᠡᠷᠢ ᠪᠠᠷ ᠲᠠᠯ᠎ᠠ ᠨᠤᠲᠤᠭ ᠤᠨ ᠰᠣᠶᠣᠯ᠂ ᠬᠠᠲᠤᠨ ᠭᠤᠤᠯ ᠤᠨ ᠰᠣᠶᠣᠯ᠂ | ᠮᠣᠩᠭᠤᠯ ᠮᠣᠷᠢᠨ ᠤ ᠵᠣᠷᠢᠭ ᠰᠠᠨᠠᠭ᠎ᠠ᠂ ᠤᠯᠠᠭᠠᠨᠮᠥ᠋ᠴᠢᠷ ᠤᠨ ᠵᠣᠷᠢᠭ ᠰᠠᠨᠠᠭ᠎ᠠ ᠵᠡᠷᠭᠡ ᠶᠢ ᠪᠠᠳᠠᠷᠠᠭᠤᠯᠬᠤ ᠶᠢᠨ ᠬᠠᠮᠲᠤ | ᠪᠠᠰᠠ ᠬᠠᠲᠤᠨ ᠭᠤᠤᠯ ᠤᠨ ᠰᠣᠶᠣᠯ᠂ ᠮᠣᠩᠭᠤᠯ ᠶᠤᠸᠠᠨ ᠤ ᠰᠣᠶᠣᠯ᠂ ᠨᠡᠭᠦᠳᠡᠯ ᠠᠷᠠᠳ ᠤᠨ ᠰᠣᠶᠣᠯ᠂ ᠤᠷᠠᠨ | ᠪᠢᠴᠢᠯᠭᠡ ᠶᠢᠨ ᠰᠣᠶᠣᠯ ᠤᠨ ᠦᠬᠠᠶ ᠳᠤ ᠴᠤᠭᠯᠠᠷᠠᠭᠰᠠᠨ ᠢ ᠲᠡᠯᠭᠡᠨ ᠦᠵᠡᠬᠦᠯᠵᠦ᠂ ᠭᠡᠷᠡᠯ ᠰᠠᠴᠤᠷᠠᠩᠭᠤᠶ ᠣᠳᠣ | ᠦᠶ᠎ᠡ ᠶᠢᠨ ᠪᠣᠯᠪᠠᠰᠤᠨ᠂ ᠪᠠᠳᠠᠷᠠᠨ ᠲᠡᠯᠭᠡᠷᠡᠭᠰᠡᠨ ᠰᠣᠶᠣᠯ ᠤᠨ ᠴᠡᠴᠡᠭ ᠢ ᠣᠯᠠᠨ᠎ᠠ ᠲᠤᠲᠤᠷᠠᠭᠤᠯᠵᠠᠢ᠃ | ᠲᠤᠰ ᠣᠷᠣᠶ ᠶᠢᠨ ᠲᠣᠭᠯᠠᠭᠴᠢᠳ ᠲᠤ ᠤᠯᠤᠰ ᠤᠨ ᠨᠢᠭᠡᠳᠦᠭᠡᠷ ᠳᠡᠰ ᠤᠨ ᠲᠣᠭᠯᠠᠭᠴᠢ᠂ ᠮᠣᠩᠭᠤᠯ | ᠦᠨᠳᠦᠰᠦᠲᠡᠨ ᠤ ᠡᠷᠡᠭᠲᠡᠶ ᠶᠢᠨ ᠬᠠᠩᠭᠢᠨᠠᠮ᠎ᠠ ᠬᠤᠭᠤᠯᠠᠶ ᠶᠢᠨ ᠳᠠᠭᠤᠴᠢᠨ ᠨᠠᠰᠣᠨ᠂ ᠵᠠᠯᠠᠭᠤ ᠳᠠᠭᠤᠴᠢᠨ ᠬᠦᠰᠡᠯᠡᠩ᠂ | ᠳᠤᠮᠳᠠᠳᠤ ᠤᠯᠤᠰ ᠤᠨ ᠪᠥᠵᠢᠭ ᠤᠨ ︽ᠪᠠᠳᠮ᠎ᠠ ᠴᠡᠴᠡᠭ ᠤᠨ ᠱᠠᠩᠨᠠᠯ︾ ᠬᠦᠷᠳᠡᠭᠴᠢ ᠯᠢ ᠲᠡᠭᠵᠢᠨ ᠵᠢᠴᠢ ᠨᠠᠶᠢᠷ | ᠬᠠᠮᠲᠤᠯᠢᠭ᠂ ᠠᠶᠠᠰ ᠬᠠᠮᠲᠤᠯᠢᠭ ᠵᠡᠷᠭᠡ ᠪᠤᠢ᠃ ᠲᠡᠳᠡ ︽ᠣᠭᠠᠯᠵᠢᠨ ᠬᠡ ᠲᠠᠢ ᠡᠮᠡᠭᠡᠯ︾ ︽ᠬᠤᠨ ᠭᠠᠯᠠᠭᠤ︾ ︽ | ᠭᠠᠯ ᠤᠯᠠᠭᠠᠨ ᠰᠠᠷᠠᠯᠠᠩ︾ ︽ᠬᠠᠪᠤᠷ︾ ᠵᠡᠷᠭᠡ ᠬᠥᠮᠦᠰ ᠤᠨ ᠪᠠᠭ᠋ᠠᠷᠬᠠᠯ ᠢ ᠲᠠᠲᠠᠭᠰᠠᠨ ᠤᠯᠠᠨ ᠪᠠᠳᠠᠭ ᠳᠠᠭᠤᠤ ᠶᠢ | ᠰᠡᠳᠬᠢᠯ ᠲᠠᠯᠪᠢᠨ ᠲᠠᠭᠤᠯᠠᠭᠰᠠᠨ ᠪᠦᠭᠡᠳ ᠪᠠᠰᠠ ᠬᠥᠮᠦᠨ ᠤ ᠰᠡᠳᠬᠢᠯ ᠢ ᠬᠥᠳᠡᠯᠭᠡᠮ᠎ᠡ ︽ᠮᠦᠭᠡᠷᠣᠣ︾ ︽ᠳᠤᠰᠤᠯ | ᠤᠰᠤ︾ ᠵᠡᠷᠭᠡ ᠰᠠᠶᠢᠬᠠᠨ ᠪᠥᠵᠢᠭ ᠢ ᠪᠦᠵᠢᠭᠯᠡᠵᠦ᠂ ᠮᠠᠨ ᠤ ᠬᠤᠲᠠ ᠶᠢᠨ ᠤᠳᠬ᠎ᠠ ᠤᠷᠠᠯᠢᠭ ᠤᠨ ᠠᠵᠢᠯᠲᠠᠳ ᠲᠠᠢ | ᠬᠠᠮᠲᠤᠪᠠᠷ ᠠᠬᠤᠶ ᠲᠠᠯᠠᠪᠠᠶ ᠶᠢᠨ ᠦᠵᠡᠭᠴᠢᠳ ᠲᠤ ᠭᠤᠶᠢᠳᠠ ᠰᠠᠶᠢᠬᠠᠨ ᠰᠣᠶᠣᠯ ᠤᠨ ᠦᠪᠡᠳᠡᠭᠰᠢ ᠨᠠᠶᠢᠷ ᠢ | ᠬᠤᠪᠢᠶᠠᠯᠴᠠᠭᠰᠠᠨ ᠪᠠᠶᠢᠨ᠎ᠠ᠃ |