ᠣᠶᠢᠷ᠎ᠠ ᠳᠤ᠂ ᠤᠯᠤᠰ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ︽ᠠᠩᠬᠠᠳᠠᠭᠴᠢ ᠪᠦᠯᠦᠭ ᠤᠨ | ᠨᠠᠰᠤᠲᠠᠶᠢᠴᠤᠳ ᠤᠨ ᠡᠷᠡᠭᠦᠯ ᠮᠡᠨᠳᠦ ᠶᠢᠨ ᠡᠮᠴᠢᠯᠡᠭᠡ ᠠᠰᠠᠷᠠᠮᠵᠢ ᠶᠢ ᠤᠶᠠᠯᠳᠤᠭᠤᠯᠤᠭᠰᠠᠨ ᠠᠯᠤᠰ ᠡᠵᠡᠮᠰᠢᠯᠲᠦ | ᠬᠠᠮᠵᠢᠯᠴᠠᠭᠠᠨ ᠤ ᠦᠢᠯᠡᠴᠢᠯᠡᠭᠡᠨ ᠤ ᠲᠤᠷᠰᠢᠯᠲᠠ ᠶᠢᠨ ᠴᠢᠭ ᠤᠨ ᠪᠠᠶᠢᠭᠤᠯᠤᠮᠵᠢ ᠶᠢ ᠲᠣᠭᠲᠠᠭᠠᠬᠤ ᠲᠤᠬᠠᠶ ᠮᠡᠳᠡᠭᠳᠡᠯ︾ | ᠢ ᠳᠠᠷᠤᠮᠠᠯᠯᠠᠨ ᠲᠠᠷᠬᠠᠭᠠᠵᠤ᠂ ᠪᠥᠬᠦ ᠤᠯᠤᠰ ᠤᠨ ᠠᠩᠬᠠᠳᠠᠭᠴᠢ ᠪᠦᠯᠦᠭ ᠤᠨ ᠨᠠᠰᠤᠲᠠᠶᠢᠴᠤᠳ ᠤᠨ ᠡᠷᠡᠭᠦᠯ ᠮᠡᠨᠳᠦ | ᠶᠢᠨ ᠡᠮᠴᠢᠯᠡᠭᠡ ᠠᠰᠠᠷᠠᠮᠵᠢ ᠶᠢ ᠤᠶᠠᠯᠳᠤᠭᠤᠯᠤᠭᠰᠠᠨ ᠠᠯᠤᠰ ᠡᠵᠡᠮᠰᠢᠯᠲᠦ ᠬᠠᠮᠵᠢᠯᠴᠠᠭᠠᠨ ᠤ ᠦᠢᠯᠡᠴᠢᠯᠡᠭᠡᠨ ᠤ | ᠲᠤᠷᠰᠢᠯᠲᠠ ᠶᠢᠨ ᠴᠢᠭ ᠤᠨ 174 ᠪᠠᠶᠢᠭᠤᠯᠤᠮᠵᠢ ᠶᠢᠨ ᠨᠡᠷᠡᠰ ᠢ ᠨᠡᠶᠢᠲᠡᠯᠡᠪᠡ᠃ ᠬᠤᠲᠠ ᠶᠢᠨ ᠠᠵᠢᠯ ᠤᠨ | ᠨᠥᠯᠥᠭᠡᠨ ᠤ ᠡᠪᠡᠳᠴᠢᠨ ᠢ ᠰᠡᠷᠭᠡᠶᠢᠯᠡᠨ ᠵᠠᠰᠠᠬᠤ ᠬᠤᠷᠢᠶ᠎ᠠ ︵ᠡᠮᠴᠢᠯᠡᠭᠡᠨ ᠤ ᠠᠰᠠᠷᠠᠮᠵᠢ ᠶᠢᠨ ᠬᠦᠷᠢᠶᠡᠯᠡᠩ︶ ᠨᠢ | ᠥᠪᠡᠷᠲᠡᠭᠡᠨ ᠵᠠᠰᠠᠬᠤ ᠣᠷᠣᠨ ᠤ ᠰᠣᠩᠭᠤᠭᠳᠠᠭᠰᠠᠨ 6 ᠡᠮᠴᠢᠯᠡᠭᠡ ᠠᠰᠠᠷᠠᠮᠵᠢ ᠶᠢ ᠤᠶᠠᠯᠳᠤᠭᠤᠯᠤᠭᠰᠠᠨ | ᠪᠠᠶᠢᠭᠤᠯᠤᠮᠵᠢ ᠶᠢᠨ ᠨᠢᠭᠡ ᠪᠣᠯᠵᠠᠶ᠃ | ᠬᠤᠲᠠ ᠶᠢᠨ ᠠᠵᠢᠯ ᠤᠨ ᠨᠥᠯᠥᠭᠡᠨ ᠤ ᠡᠪᠡᠳᠴᠢᠨ ᠢ ᠰᠡᠷᠭᠡᠶᠢᠯᠡᠨ ᠵᠠᠰᠠᠬᠤ ᠬᠤᠷᠢᠶ᠎ᠠ ᠠᠯᠤᠰ ᠠᠴᠠ | ᠬᠠᠮᠵᠢᠯᠴᠠᠬᠤ ᠦᠢᠯᠡᠴᠢᠯᠡᠭᠡᠨ ᠤ ᠲᠠᠪᠴᠠᠩ ᠢᠶᠠᠷ ᠳᠠᠮᠵᠢᠭᠤᠯᠤᠨ᠂ ᠣᠷᠣᠵᠤ ᠰᠠᠭᠤᠭᠰᠠᠨ ᠨᠠᠰᠤᠲᠠᠶᠢᠴᠤᠳ ᠲᠤ | ᠠᠯᠤᠰ ᠡᠵᠡᠮᠰᠢᠯᠲᠦ ᠡᠮᠴᠢᠯᠡᠭᠡ᠂ ᠤᠳᠠᠭᠠᠨ ᠴᠢᠨᠠᠷᠲᠠᠶ ᠡᠪᠡᠳᠴᠢᠨ ᠤ ᠬᠠᠮᠢᠶᠠᠷᠣᠯᠳᠠ᠂ ᠳᠠᠬᠢᠨ ᠣᠨᠣᠰᠢᠯᠠᠵᠤ ᠡᠮ | ᠬᠦᠷᠭᠡᠬᠦ᠂ ᠬᠠᠷᠠᠭᠠᠯᠵᠠᠨ ᠰᠤᠪᠢᠯᠠᠬᠤ ᠵᠢᠯᠣᠭᠤᠳᠣᠯᠭ᠎ᠠ᠂ ᠠᠵᠢᠯᠲᠠᠨ ᠤ ᠪᠤᠯᠪᠠᠰᠣᠷᠠᠭᠤᠯᠤᠯ᠂ ᠰᠢᠨᠵᠢᠯᠡᠬᠦ ᠤᠬᠠᠭᠠᠨ ᠢ | ᠲᠦᠭᠡᠮᠡᠯᠵᠢᠭᠦᠯᠬᠦ ᠲᠠᠶᠢᠯᠤᠮᠵᠢ ᠵᠡᠷᠭᠡ ᠠᠯᠤᠰ ᠡᠵᠡᠮᠰᠢᠯᠲᠦ ᠬᠠᠮᠵᠢᠯᠴᠠᠭᠠᠨ ᠤ ᠦᠢᠯᠡᠴᠢᠯᠡᠭᠡ ᠬᠠᠩᠭᠠᠵᠤ᠂ ᠮᠠᠨ ᠤ | ᠬᠤᠲᠠ ᠶᠢᠨ ᠡᠮᠴᠢᠯᠡᠭᠡ ᠠᠰᠠᠷᠠᠮᠵᠢ ᠶᠢ ᠤᠶᠠᠯᠳᠤᠭᠤᠯᠬᠤ ᠠᠵᠢᠯ ᠤᠨ ᠬᠥᠭᠵᠢᠯᠲᠡ ᠶᠢ ᠠᠬᠢᠭᠤᠯᠵᠤ᠂ | ᠨᠠᠰᠤᠲᠠᠶᠢᠴᠤᠳ ᠤᠨ ᠬᠦᠷᠲᠡᠮᠵᠢ ᠶᠢᠨ ᠲᠥᠷᠥᠭᠳᠡᠯ ᠪᠠ ᠬᠠᠨᠤᠮᠵᠢ ᠶᠢᠨ ᠬᠡᠮᠵᠢᠶ᠎ᠡ ᠶᠢ ᠦᠨᠡᠨᠬᠦ ᠳᠡᠭᠡᠭᠰᠢᠯᠡᠭᠦᠯᠬᠦ | ᠪᠤᠯᠤᠨ᠎ᠠ᠃ | |