ᠦᠬᠠᠢ ᠶᠢᠨ ᠣᠯᠠᠨ ᠳᠠᠪᠬᠤᠷ ᠳᠠᠪᠠᠭᠤᠯᠢᠭ ᠢ ᠪᠠᠳᠠᠷᠠᠭᠤᠯᠵᠤ ᠠᠵᠤ ᠦᠢᠯᠡᠰ ᠤᠨ ᠬᠥᠭᠵᠢᠯᠲᠡ ᠶᠢᠨ ᠠᠵᠠ ᠲᠣᠬᠢᠶᠠᠯ ᠢ ᠠᠮᠵᠢᠨ ᠠᠣᠬᠤᠶ᠎ᠠ
ᠨᠡᠶᠢᠲᠡᠯᠡᠭᠰᠡᠨ ᠴᠠᠭ᠄
2023/10/12

         —ᠴᠢᠩᠬᠤᠸᠠ ᠶᠡᠭᠡ ᠰᠤᠷᠭᠠᠭᠤᠯᠢ ᠶᠢᠨ ᠬᠢᠮᠢ ᠶᠢᠨ ᠠᠵᠤ ᠦᠢᠯᠡᠳᠪᠦᠷᠢ ᠶᠢᠨ ᠰᠠᠯᠪᠤᠷᠢ ᠶᠢᠨ

ᠫᠷᠤᠹᠧᠰᠰᠤᠷ ᠭᠦᠸᠧ ᠪᠦᠦ ᠬᠤᠸᠠ ᠶᠢ ᠰᠤᠷᠪᠤᠯᠵᠢᠯᠠᠭᠰᠠᠨ ᠨᠢ

    10 ᠰᠠᠷ᠎ᠠ ᠶᠢᠨ 10 ᠤ ᠡᠳᠦᠷ᠂ ᠴᠢᠩᠬᠤᠸᠠ ᠶᠡᠭᠡ ᠰᠤᠷᠭᠠᠭᠤᠯᠢ ᠶᠢᠨ ᠬᠢᠮᠢ   ᠶᠢᠨ ᠠᠵᠤ ᠦᠢᠯᠡᠳᠪᠦᠷᠢ

 ᠶᠢᠨ ᠰᠠᠯᠪᠤᠷᠢ ᠶᠢᠨ ᠫᠷᠤᠹᠧᠰᠰᠤᠷ ᠭᠦᠸᠧ ᠪᠦᠦ ᠬᠤᠸᠠ ᠰᠤᠷᠪᠤᠯᠵᠢᠯᠠᠭᠴᠢ ᠶᠢᠨ ᠲᠤᠰᠬᠠᠢ ᠰᠣᠷᠪᠤᠯᠵᠢᠯᠠᠭ᠎ᠠ ᠶᠢ

ᠬᠦᠯᠢᠶᠡᠬᠦ ᠳᠡᠭᠡᠨ ᠬᠡᠯᠡᠭᠰᠡᠨ ᠨᠢ᠂ ᠦᠬᠠᠢ ᠬᠤᠲᠠ ᠶᠢᠨ ᠠᠷᠠᠳ ᠤᠨ ᠵᠠᠰᠠᠭ ᠤᠨ ᠣᠷᠳᠣᠨ᠂ ᠳᠤᠮᠳᠠᠳᠤ ᠤᠯᠤᠰ ᠤᠨ

ᠴᠢᠯᠠᠭᠤᠨ ᠲᠣᠰᠣ ᠪᠣᠯᠣᠨ ᠬᠢᠮᠢ ᠶᠢᠨ ᠠᠵᠤ ᠦᠢᠯᠡᠳᠪᠦᠷᠢ ᠶᠢᠨ ᠬᠤᠯᠪᠣᠭᠠᠲᠤ ᠬᠤᠷᠠᠯ᠂ BDO ᠠᠵᠤ ᠦᠢᠯᠡᠰ ᠤᠨ

ᠮᠡᠷᠭᠡᠵᠢᠯ ᠤᠨ ᠰᠢᠨ᠎ᠡ ᠶᠢ ᠡᠭᠦᠳᠬᠦ ᠲᠥᠪ ᠨᠢ ᠦᠬᠠᠢ ᠶᠢᠨ BDO ᠦᠢᠯᠡᠳᠬᠦᠨ ᠤ ᠠᠷᠠᠯᠵᠢᠶᠠᠨ ᠤ ᠲᠥᠪ᠂

ᠪᠠᠷᠢᠮᠵᠢᠶᠠᠲᠤ ᠰᠤᠳᠤᠯᠭᠠᠨ ᠤ ᠲᠥᠪ ᠪᠠᠶᠢᠭᠤᠯᠬᠤ ᠲᠤᠬᠠᠢ ᠪᠠᠶᠢᠯᠳᠤᠬᠤ ᠪᠣᠳᠣᠯᠭ᠎ᠠ ᠶᠢᠨ ᠬᠠᠮᠲᠤᠷᠠᠯᠴᠠᠭᠠᠨ ᠤ

ᠬᠡᠯᠡᠯᠴᠡᠭᠡᠷ ᠲᠣᠭᠲᠠᠵᠠᠢ᠂ ᠡᠨᠡ ᠨᠢ ᠦᠬᠠᠢ ᠬᠤᠲᠠ ᠶᠢᠨ BDO ᠠᠵᠤ ᠦᠢᠯᠡᠰ ᠤᠨ ᠬᠥᠭᠵᠢᠯᠲᠡ ᠳᠤ ᠴᠢᠬᠤᠯᠠ

ᠲᠤᠯᠭᠠᠭᠤᠷᠢᠯᠠᠯ ᠬᠠᠩᠭᠠᠭᠰᠠᠨ ᠪᠠᠶᠢᠨ᠎ᠠ ᠭᠡᠵᠡᠢ᠃

     ᠭᠦᠸᠧ ᠪᠦᠦ ᠬᠤᠸᠠ ᠬᠡᠯᠡᠭᠰᠡᠨ ᠨᠢ᠂ ᠣᠶᠢᠷ᠎ᠠ ᠶᠢᠨ ᠵᠢᠯ ᠳᠤ᠂ ᠵᠠᠳᠠᠷᠠᠵᠤ ᠪᠣᠯᠬᠤ ᠮᠠᠲ᠋ᠧᠷᠢᠶᠠᠯ᠂ ᠰᠢᠨ᠎ᠡ

ᠡᠨᠧᠷᠭᠢ ᠶᠢᠨ ᠳ᠋ᠢᠶᠠᠨ ᡂᠢ ᠪᠣᠯᠣᠨ ᠠᠷᠤᠨ ᠵᠡᠷᠭᠡ ᠬᠦᠷᠢᠶᠡᠨ ᠳᠠᠬᠢ ᠴᠢᠩᠭ᠎ᠠ ᠬᠦᠴᠦᠲᠡᠢ ᠬᠡᠷᠡᠭᠴᠡᠭᠡ ᠶᠢᠨ

ᠳᠠᠭᠠᠭᠤᠯᠭ᠎ᠠ ᠪᠠᠷ᠂ BDO ᠶᠢ ᠨᠢᠭᠡ ᠴᠤᠭᠴᠠᠵᠢᠭᠤᠯᠤᠭᠰᠠᠨ ᠠᠵᠤ ᠦᠢᠯᠡᠰ ᠤᠨ ᠬᠡᠯᠬᠢᠶ᠎ᠡ ᠨᠢ ᠪᠡᠯᠡ

ᠣᠷᠣᠭᠤᠯᠤᠯᠲᠠ ᠶᠢᠨ ᠬᠠᠯᠠᠮᠰᠢᠯ ᠵᠠᠮ ᠪᠣᠯᠤᠭᠰᠠᠨ ᠪᠠᠶᠢᠨ᠎ᠠ᠃ ᠦᠬᠠᠢ ᠬᠤᠳᠠ ᠶᠢᠨ ᠦᠢᠯᠡᠳᠪᠦᠷᠢᠯᠡᠭᠰᠡᠨ BDO

 ᠶᠢᠨ ᠲᠦᠭᠦᠬᠡᠢ ᠮᠠᠲ᠋ᠧᠷᠢᠶᠠᠯ ᠨᠢ ᠭᠦᠢᠴᠡᠳ᠂ ᠴᠠᠬᠢᠯᠭᠠᠨ ᠬᠡᠷᠡᠭᠯᠡᠬᠦ ᠦᠨ᠎ᠡ ᠨᠢ ᠬᠢᠮᠳᠠ᠂ ᠦᠢᠯᠡᠳᠬᠦᠨ ᠤ ᠥᠪᠡᠷ ᠤᠨ

ᠦᠷᠳᠡᠭ ᠨᠢ ᠳᠣᠣᠷ᠎ᠠ᠂ ᠠᠵᠤ ᠦᠢᠯᠡᠰ ᠤᠨ ᠬᠡᠪᠴᠢᠶ᠎ᠡ ᠨᠢ ᠨᠡᠯᠢᠶᠡᠳ ᠶᠡᠭᠡ ᠪᠥᠭᠡᠳ ᠦᠬᠠᠢ ᠶᠢᠨ ᠠᠵᠤ

ᠠᠬᠤᠶᠢᠯᠠᠯᠲᠠᠨ ᠤ ᠪᠡᠯᠡ ᠣᠷᠣᠭᠤᠯᠤᠯᠲᠠ ᠶᠢᠨ ᠬᠠᠯᠠᠭᠤᠨ ᠰᠡᠳᠬᠢᠯᠭᠡ ᠨᠢ ᠥᠨᠳᠥᠷ ᠪᠠᠶᠢᠵᠤ᠂ ᠳᠤᠮᠳᠠᠳᠤ ᠤᠯᠤᠰ ᠤᠨ

BDO ᠶᠢᠨ ᠠᠵᠤ ᠦᠢᠯᠡᠰ ᠤᠨ ᠬᠡᠯᠬᠢᠶ᠎ᠡ ᠳᠤ ᠴᠢᠬᠤᠯᠠ ᠪᠠᠶᠢᠷᠢ ᠰᠠᠭᠤᠷᠢ ᠶᠢ ᠡᠵᠡᠯᠡᠵᠦ ᠪᠤᠢ᠃ ᠤᠯᠠᠨ ᠲᠠᠯ᠎ᠠ ᠶᠢᠨ

ᠳᠠᠪᠠᠭᠤᠯᠢᠭ ᠢ ᠪᠠᠷᠢᠮᠲᠠᠯᠠᠭᠰᠠᠨ ᠪᠤᠯᠬᠤᠷ ᠦᠬᠠᠢ ᠬᠤᠳᠠ ᠶᠢᠨ ᠬᠢᠨ ᠰᠢᠨ᠎ᠡ ᠮᠠᠲ᠋ᠧᠷᠢᠶᠠᠯ ᠤᠨ ᠮᠡᠷᠭᠡᠵᠢᠯ ᠪᠣᠯᠣᠨ ᠠᠵᠤ

ᠦᠢᠯᠡᠰ ᠤᠨ ᠬᠥᠭᠵᠢᠯᠲᠡ ᠶᠢᠨ ᠲᠠᠯ᠎ᠠ ᠪᠠᠷ ᠰᠢᠨ᠎ᠡ ᠳᠡᠭᠲᠡᠷ ᠲᠤ ᠭᠠᠷᠬᠤ ᠪᠣᠯᠣᠨ᠎ᠠ ᠭᠡᠵᠡᠢ᠃

     ᠭᠦᠸᠧ ᠪᠦᠦ ᠬᠤᠸᠠ ᠢᠯᠡᠷᠭᠡᠶᠢᠯᠡᠭᠰᠡᠨ ᠨᠢ᠂ ᠦᠬᠠᠢ ᠬᠤᠲᠠ ᠶᠢᠨ ᠬᠢᠨ ᠵᠠᠳᠠᠷᠠᠵᠤ ᠪᠣᠯᠬᠤ ᠰᠦᠯᠢᠶᠥᠦ ᠶᠢᠨ

ᠠᠵᠤ ᠦᠢᠯᠡᠰ ᠤᠨ ᠰᠢᠵᠢᠷ ᠠᠯᠲᠠᠨ ᠴᠤᠩᠬᠤᠪᠴᠢ ᠶᠢᠨ ᠬᠤᠭᠤᠴᠠᠭ᠎ᠠ ᠶᠢ ᠠᠳᠬᠤᠵᠤ᠂ ᠨᠡᠭᠦᠷᠡᠰᠦ ᠬᠡᠣᠷᠡᠰᠦ᠂ ᠾᠯᠣᠷ

ᠱᠦᠯᠲᠦ ᠶᠢᠨ ᠬᠢᠮᠢ ᠶᠢᠨ ᠠᠵᠤ ᠦᠢᠯᠡᠳᠪᠦᠷᠢ ᠵᠡᠷᠭᠡ ᠤᠯᠠᠮᠵᠢᠯᠠᠯᠲᠤ ᠠᠵᠤ ᠦᠢᠯᠡᠰ ᠤᠨ ᠬᠡᠯᠪᠡᠷᠢ ᠪᠠᠨ

ᠬᠤᠪᠢᠷᠠᠭᠤᠯᠤᠨ ᠲᠠᠰ ᠲᠡᠪᠰᠢᠬᠦᠯᠬᠦ ᠶᠢ ᠲᠦᠯᠬᠢᠨ ᠠᠬᠢᠭᠤᠯᠵᠤ᠂ ᠵᠠᠳᠠᠷᠠᠵᠤ ᠪᠣᠯᠬᠤ ᠰᠦᠯᠢᠶᠥᠦ ᠪᠠᠷ ᠭᠤᠣᠯ ᠴᠢᠭᠯᠡᠯ

ᠪᠣᠯᠭᠠᠭᠰᠠᠨ ᠰᠢᠨ᠎ᠡ ᠮᠠᠲ᠋ᠧᠷᠢᠶᠠᠯ ᠤᠨ ᠪᠥᠬᠦ ᠠᠵᠤ ᠦᠢᠯᠡᠰ ᠤᠨ ᠬᠡᠯᠬᠢᠶᠡᠨ ᠤ ᠰᠠᠭᠤᠷᠢᠨ ᠭᠠᠵᠠᠷ ᠢ ᠪᠥᠬᠦ

ᠬᠦᠴᠦᠨ ᠢᠶᠠᠷ ᠢᠶᠠᠨ ᠴᠣᠭᠴᠠᠯᠠᠨ ᠪᠠᠶᠢᠭᠤᠯᠵᠤ᠂ ᠳᠣᠣᠷ᠎ᠠ ᠨᠡᠮᠡᠯᠲᠡ ᠥᠷᠲᠡᠭᠲᠦ ᠲᠦᠭᠦᠬᠡᠢ ᠮᠠᠲ᠋ᠧᠷᠢᠶᠠᠯ ᠠᠴᠠ

ᠥᠨᠳᠥᠷ ᠨᠡᠮᠡᠯᠲᠡ ᠥᠷᠲᠡᠭᠲᠦ ᠦᠢᠯᠡᠳᠬᠦᠨ ᠳᠠᠰᠢ ᠬᠤᠪᠢᠷᠠᠭᠤᠯᠬᠤ ᠶᠢ ᠪᠡᠶᠡᠯᠡᠭᠦᠯᠵᠦ᠂ ᠴᠢᠨᠠᠷ ᠰᠠᠶᠢᠲᠠᠢ

ᠬᠥᠭᠵᠢᠯᠲᠡ ᠳᠤ ᠰᠢᠨ᠎ᠡ ᠬᠥᠳᠡᠯᠭᠡᠭᠴᠢ ᠡᠨᠧᠷᠭᠢ ᠬᠤᠷᠠᠮᠳᠤᠭᠤᠯᠬᠤ ᠬᠡᠷᠡᠭᠲᠡᠢ︔ᠠᠵᠤ ᠦᠢᠯᠡᠰ ᠤᠨ ᠳᠠᠪᠠᠭᠤᠯᠢᠭ ᠢᠶᠠᠨ

ᠥᠷᠢᠰᠦᠯᠳᠦᠭᠡᠨ ᠤ ᠳᠠᠪᠠᠭᠤᠯᠢᠭ ᠪᠣᠯᠭᠠᠨ ᠬᠤᠪᠢᠷᠠᠭᠤᠯᠵᠤ᠂ ᠳᠣᠣᠷᠠᠳᠤ ᠤᠷᠤᠰᠬᠠᠯ ᠤᠨ ᠬᠡᠷᠡᠭᠯᠡᠭᠡᠨ ᠤ ᠪᠠᠶᠢᠳᠠᠯ ᠢᠶᠠᠨ

ᠤᠷᠲᠤᠳᠬᠠᠭᠰᠠᠨ ᠦᠢᠯᠡᠳᠬᠦᠨ ᠢ ᠨᠡᠭᠡᠭᠡᠨ ᠬᠥᠭᠵᠢᠭᠦᠯᠬᠦ ᠬᠡᠷᠡᠭᠲᠡᠢ︔ BDO ᠠᠵᠤ ᠦᠢᠯᠡᠰ ᠤᠨ ᠮᠡᠷᠭᠡᠵᠢᠯ ᠤᠨ

ᠰᠢᠨ᠎ᠡ ᠶᠢ ᠡᠭᠦᠳᠬᠦ ᠲᠥᠪ ᠤᠨ ᠪᠦᠲᠦᠭᠡᠨ ᠪᠠᠶᠢᠭᠤᠯᠤᠯᠲᠠ ᠪᠠᠨ ᠲᠦᠷᠭᠡᠳᠬᠡᠨ ᠠᠬᠢᠭᠤᠯᠵᠤ᠂ ᠲᠣᠰ ᠭᠠᠵᠠᠷ

ᠣᠷᠣᠨ ᠤ ᠠᠵᠤ ᠠᠬᠤᠶᠢᠯᠠᠯ ᠤᠨ ᠳᠠᠪᠠᠭᠤᠯᠢᠭ ᠢᠶᠠᠨ ᠪᠠᠳᠠᠷᠠᠭᠤᠯᠬᠤ ᠶᠢ ᠬᠥᠲᠥᠯᠥᠨ ᠳᠠᠭᠠᠭᠤᠯᠵᠤ᠂ ᠭᠠᠷ ᠬᠤᠯᠪᠣᠨ

ᠬᠠᠮᠲᠤᠷᠠᠯᠴᠠᠵᠤ᠂ ᠡᠬᠢ ᠪᠠᠶᠠᠯᠢᠭ ᠢ ᠡᠮᠬᠢᠯᠡᠨ ᠨᠡᠶᠢᠯᠡᠭᠦᠯᠵᠦ᠂ ᠣᠷᠣᠭᠤᠯᠤᠯᠲᠠ ᠪᠠᠨ ᠨᠡᠮᠡᠭᠳᠡᠭᠦᠯᠦᠨ᠂ ᠮᠡᠷᠭᠡᠵᠢᠯ ᠤᠨ

ᠰᠢᠨ᠎ᠡ ᠶᠢ ᠡᠭᠦᠳᠬᠦ ᠳᠤᠮᠳᠠ ᠠᠵᠤ ᠦᠢᠯᠡᠰ ᠤᠨ ᠪᠦᠬᠦᠯᠢ ᠴᠣᠭᠴᠠ ᠶᠢᠨ ᠥᠷᠢᠰᠦᠯᠳᠦᠬᠦ ᠬᠦᠴᠦᠨ ᠢᠶᠠᠨ

ᠳᠡᠭᠡᠭᠰᠢᠯᠡᠭᠦᠯᠵᠦ᠂ ᠠᠵᠢᠯ ᠲᠥᠷᠥᠯ ᠤᠨ ᠦᠭᠡ ᠬᠡᠯᠡᠬᠦ ᠡᠷᠬᠡ ᠪᠠᠨ ᠴᠢᠩᠭᠠᠷᠠᠭᠤᠯᠬᠤ ᠬᠡᠷᠡᠭᠲᠡᠢ ᠭᠡᠵᠡᠢ᠃

     ᠭᠦᠸᠧ ᠪᠦᠦ ᠬᠤᠸᠠ ᠬᠡᠯᠡᠭᠰᠡᠨ ᠨᠢ᠂ ᠬᠤᠶᠢᠰᠢᠳᠠ ᠦᠬᠠᠢ ᠬᠤᠲᠠ ᠶᠢᠨ ᠵᠠᠳᠠᠷᠠᠵᠤ ᠪᠣᠯᠬᠤ ᠰᠦᠯᠢᠶᠥᠦ ᠶᠢᠨ

ᠠᠵᠤ ᠦᠢᠯᠡᠰ ᠤᠨ ᠬᠥᠭᠵᠢᠯᠲᠡ ᠶᠢᠨ ᠰᠤᠳᠤᠯᠭᠠᠨ ᠳᠤ ᠣᠷᠣᠯᠴᠠᠬᠤ ᠨᠠᠩ ᠣᠯᠠᠨ ᠵᠠᠪᠰᠢᠶᠠᠨ ᠲᠠᠢ ᠪᠣᠯᠵᠤ᠂ ᠠᠮᠢᠳᠤ

ᠪᠣᠳᠠᠰ ᠤᠨ ᠵᠠᠳᠠᠷᠠᠵᠤ ᠪᠣᠯᠬᠤ ᠮᠠᠲ᠋ᠧᠷᠢᠶᠠᠯ ᠢ ᠬᠥᠭᠵᠢᠭᠦᠯᠬᠦ ᠳᠤ ᠨᠠᠩ ᠣᠯᠠᠨ ᠣᠶᠤᠨ ᠤ ᠳᠡᠮᠵᠢᠯᠭᠡ ᠬᠠᠩᠭᠠᠬᠤ ᠶᠢ

ᠬᠦᠰᠡᠵᠦ ᠪᠠᠶᠢᠨ᠎ᠠ ᠭᠡᠵᠡᠢ᠃

 
ᠢᠷᠡᠯᠲᠡ᠄ ᠦᠬᠠᠢ ᠬᠤᠲᠠ ᠶᠢᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map