ᠰᠧᠮᠡᠳ ᠤᠨ ᠤᠳᠤᠷ 色木德敖特尔 | 1961 ᠤᠨ ᠳᠤ ᠠᠳᠡ ᠬᠤᠨᠢᠨ ᠤᠳᠤᠷ ᠪᠠᠶᠢᠭᠤᠯᠵᠤ᠂ ᠬᠤᠨᠢᠴᠢᠨ ᠰᠧᠮᠡᠳ ᠤᠨ ᠨᠡᠷ᠎ᠡ ᠪᠠᠷ ᠤᠳᠤᠷ ᠤᠨ | ᠨᠡᠷ᠎ᠡ ᠪᠠᠨ ᠦᠭᠪᠡ᠃ ᠡᠨᠡ ᠤᠳᠤᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ | ᠭᠠᠵᠠᠷ ᠠᠴᠠ ᠪᠠᠷᠠᠭᠤᠨ ᠡᠮᠦᠨ᠎ᠡ 7 ᠺᠢᠯᠤᠮᠧᠲᠷ ᠤᠷᠴᠢᠮ ᠬᠤᠯᠠ ᠪᠠᠶᠢᠨ᠎ᠠ᠃ | ᠵᠢᠶᠠᠰᠠ ᠲᠠᠢ ᠤᠷᠤᠢ 架子特敖来 | ᠪᠤᠷᠭᠠᠰᠤ ᠲᠠᠢ ᠮᠠᠩᠬᠠᠨ ᠦᠨᠳᠦᠷ ᠤᠷᠤᠢ ᠳᠡᠭᠡᠷ᠎ᠡ ᠨᠢᠰᠭᠡᠯ ᠤᠨ ᠵᠠᠮ ᠢ ᠵᠢᠭᠠᠭᠰᠠᠨ ᠮᠤᠳᠤ ᠵᠢᠶᠠᠰᠠ | ᠪᠠᠶᠢᠭᠰᠠᠨ ᠪᠤᠯᠬᠤᠷ ︽ᠵᠢᠶᠠᠰᠠ ᠲᠠᠢ ᠤᠷᠤᠢ︾ ᠭᠡᠵᠠᠢ᠃ ᠡᠨᠡ ᠤᠷᠤᠢ ᠶᠢᠨ ᠤᠶᠢᠷᠠᠯᠴᠠᠭ᠎ᠠ ᠭᠡᠪᠢᠰᠠᠸᠠ ᠭᠡᠰᠡᠨ ᠭᠦᠮᠦᠨ | ᠪᠠᠷᠢᠭᠠᠲᠠ ᠶᠢᠨ ᠬᠤᠨᠢ ᠶᠢ ᠬᠠᠷᠢᠭᠤᠯᠵᠤ ᠤᠳᠤᠷ ᠢᠶᠠᠷ ᠰᠠᠭᠤᠵᠤ ᠪᠠᠶᠢᠭᠰᠠᠨ ᠪᠤᠯᠬᠤᠷ ᠪᠠᠰᠠ ︽ᠭᠡᠪᠢᠰᠠᠸᠠ ᠶᠢᠨ | ᠤᠳᠤᠷ︾ ᠭᠡᠳᠡᠭ᠃ ᠡᠨᠡ ᠭᠠᠵᠠᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ | ᠭᠠᠵᠠᠷ ᠠᠴᠠ ᠡᠮᠦᠨ᠎ᠡ 2 ᠺᠢᠯᠤᠮᠧᠲᠷ ᠬᠤᠯᠠ ᠪᠠᠶᠢᠨ᠎ᠠ᠃ | ᠡᠯᠢᠶᠡᠳᠤ ᠨᠠᠭᠤᠷ 额力也图诺尔 | ᠮᠠᠩᠬᠠᠨ ᠬᠤᠳᠤᠭᠤᠷ ᠤᠨ ᠵᠢᠵᠢᠭᠭᠡᠨ ᠨᠠᠭᠤᠷ ᠤᠨ ᠬᠠᠵᠠᠭᠤ ᠳᠠᠬᠢ ᠬᠠᠶᠢᠯᠠᠰᠤᠨ ᠮᠤᠳᠤᠨ ᠳᠡᠭᠡᠷ᠎ᠡ ᠡᠯᠢᠶ᠎ᠡ | ᠡᠭᠦᠷᠯᠡᠵᠤ ᠪᠠᠶᠢᠳᠠᠭ ᠪᠤᠯᠬᠤᠷ ᠡᠶᠢᠮᠦ ᠨᠡᠷ᠎ᠡ ᠦᠭᠪᠡ᠃ ᠡᠨᠡ ᠭᠠᠵᠠᠷ ᠨᠢ ᠬᠠᠶᠢᠯᠠᠰᠤ ᠪᠠᠯᠭᠠᠰᠤ ᠶᠢᠨ ᠠᠷᠠᠳ ᠤᠨ | ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠡᠮᠦᠨ᠎ᠡ 3.5 ᠺᠢᠯᠤᠮᠧᠲᠷ ᠬᠤᠯᠠ ᠮᠠᠩᠬᠠᠨ ᠳᠤ ᠪᠠᠶᠢᠨ᠎ᠠ᠃ | ᠳᠡᠷᠡᠰᠤᠳᠤ ᠪᠤᠯᠤᠩ 德日苏特 包冷 | ᠳᠡᠷᠡᠰᠤ ᠡᠪᠡᠰᠤ ᠤᠷᠭᠤᠭᠰᠠᠨ ᠭᠤᠤᠯ ᠤᠨ ᠭᠦᠪᠡᠭᠡ ᠶᠢᠨ ᠪᠤᠯᠤᠩ ᠭᠠᠵᠠᠷ᠃ ᠦᠨᠦ ᠠᠳᠡ ᠬᠠᠶᠢᠯᠠᠰᠤ ᠳᠠᠬᠢ | ᠴᠢᠭᠢ ᠮᠤᠳᠤᠨ ᠤ ᠲᠠᠯᠠᠪᠠᠢ ᠰᠠᠭᠤᠵᠤ ᠪᠠᠶᠢᠨ᠎ᠠ᠃ ᠡᠨᠡ ᠭᠠᠵᠠᠷ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ | ᠤᠨ ᠤᠷᠳᠤᠨ ᠤ ᠰᠠᠭᠤᠭ᠎ᠠ ᠭᠠᠵᠠᠷ ᠠᠴᠠ ᠵᠡᠭᠦᠨᠰᠢ 1.5 ᠺᠢᠯᠤᠮᠧᠲᠷ ᠬᠤᠯᠠ ᠭᠤᠤᠯ ᠤᠨ ᠭᠦᠪᠡᠭᠡ ᠳᠡᠭᠡᠷ᠎ᠡ | ᠪᠠᠶᠢᠨ᠎ᠠ᠃ | ᠦᠨᠳᠦᠷ ᠪᠤᠷᠤᠯᠵᠢ 温都日宝日勒吉 | ᠪᠤᠷᠤᠯᠵᠢ ᠤᠷᠭᠤᠭᠰᠠᠨ ᠦᠨᠳᠦᠷ ᠪᠤᠷᠤ ᠤᠷᠤᠢ᠃ ᠠᠳᠡ ᠮᠠᠯ ᠭᠡᠭᠡᠯᠳᠦᠭᠦᠯᠭᠡ ᠶᠢᠨ ᠦᠷᠳᠡᠭᠡ ᠰᠠᠭᠤᠵᠤ | ᠦᠩᠭᠡᠷᠡᠪᠡ᠃ ᠤᠳᠤ ᠨᠢᠭᠡᠨᠳᠡ ᠪᠤᠷᠤ ᠤᠷᠤᠢ ᠨᠢ ᠰᠠᠯᠭᠢᠨ ᠳᠤ ᠭᠡᠶᠢᠰᠴᠤ ᠬᠤᠳᠤᠭᠤᠷ ᠪᠤᠯᠪᠠ᠃ ᠡᠨᠡ ᠭᠠᠵᠠᠷ ᠨᠢ | ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠠᠴᠠ ᠵᠡᠭᠦᠨᠰᠢ 2 ᠺᠢᠯᠤᠮᠧᠲᠷ | ᠬᠤᠯᠠ ᠪᠠᠶᠢᠨ᠎ᠠ᠃ | ᠭᠡᠰᠡᠷ ᠤᠨ ᠱᠠᠬᠠᠢ ᠬᠠᠳᠠ 格斯尔鞋石 | ᠱᠠᠬᠠᠢ ᠭᠡᠯᠪᠡᠷᠢᠲᠠᠢ ᠲᠤᠮᠤ ᠬᠠᠳᠠ᠃ ᠠᠷᠠᠳ ᠤᠨ ᠠᠮᠠᠨ ᠦᠯᠢᠭᠡᠷ ᠲᠤ ︽ᠭᠡᠰᠡᠷ ᠤᠨ ᠱᠠᠬᠠᠢ ᠬᠠᠳᠠ︾ ᠭᠡᠵᠤ | ᠭᠡᠯᠡᠳᠡᠭ ᠪᠦᠭᠡᠳ ︽ᠪᠠᠭᠠᠷᠢᠨ ᠭᠡᠰᠡᠷ ᠤᠨ ᠦᠯᠢᠭᠡᠷ︾ ᠲᠠᠢ ᠬᠤᠯᠪᠤᠭᠳᠠᠳᠠᠭ᠃ ᠡᠨᠡ ᠬᠠᠳᠠ ᠨᠢ ᠬᠠᠶᠢᠯᠠᠰᠤ ᠪᠠᠯᠭᠠᠰᠤ | ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ ᠤᠨ ᠠᠷᠤ ᠠᠭᠤᠯᠠᠨ ᠤ ᠬᠤᠶᠢᠳᠤ ᠬᠠᠵᠠᠭᠤ ᠳᠡᠭᠡᠷ᠎ᠡ | ᠪᠠᠶᠢᠨ᠎ᠠ᠃ ᠲᠡᠭᠦᠨ ᠠᠴᠠ ᠳᠤᠤᠷ᠎ᠠ ᠰᠢᠭ ᠠᠭᠤᠯᠠᠨ ᠬᠤᠷᠮᠤᠢ ᠳᠡᠭᠡᠷ᠎ᠡ ︽ᠠᠯᠳᠠᠨ ᠮᠡᠯᠡᠭᠡᠢ︾ ᠬᠠᠳᠠ ᠪᠠᠶᠢᠨ᠎ᠠ᠃ | ᠰᠠᠴᠢ ᠶᠢᠨ ᠤᠪᠤᠭ᠎ᠠ 萨其敖包 | ᠠᠯᠪᠢᠨ ᠭᠠᠯ ᠤᠨ ᠭᠦᠶᠦᠪᠴᠢ ᠲᠠᠢ ᠭᠠᠵᠠᠷ ᠰᠠᠴᠢ ᠳᠠᠷᠤᠵᠤ ᠲᠠᠯᠪᠢᠵᠠᠢ᠃ ᠤᠷᠢᠳᠤ ᠠᠳᠡ ᠪᠤᠯᠠᠭ ᠣᠷᠭᠢᠯᠵᠤ | ᠪᠠᠶᠢᠭᠰᠠᠨ ᠪᠤᠯᠬᠤᠷ ︽ᠰᠠᠴᠢ ᠤᠨ ᠪᠤᠯᠠᠭ︾ ᠭᠡᠵᠤ᠂ ᠪᠤᠯᠠᠭ ᠤᠨ ᠳᠡᠷᠭᠡᠳᠡ ᠤᠪᠤᠭ᠎ᠠ ᠪᠤᠰᠬᠠᠵᠤ ︽ᠰᠠᠴᠢ ᠶᠢᠨ ᠤᠪᠤᠭ᠎ᠠ︾ | ᠭᠡᠪᠡ᠃ ᠡᠨᠡ ᠤᠪᠤᠭ᠎ᠠ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ ᠰᠠᠭᠤᠭ᠎ᠠ ᠭᠠᠵᠠᠷ | ᠠᠴᠠ ᠡᠮᠦᠨ᠎ᠡ᠂ ᠬᠤᠸᠠᠬᠤᠰᠢᠭᠤ ᠠᠶᠢᠯ ᠤᠨ ᠠᠷᠤ ᠳᠡᠭᠡᠷ᠎ᠡ᠂ ᠪᠦᠷᠢᠳᠦᠨ ᠲᠠᠯ᠎ᠠ ᠶᠢᠨ ᠶᠮᠦᠨᠡ ᠭᠦᠪᠡᠭᠡ ᠳᠡᠭᠡᠷ᠎ᠡ | ᠪᠠᠶᠢᠨ᠎ᠠ᠃ | ᠪᠦᠷᠢᠳᠦᠨ ᠲᠠᠯ᠎ᠠ 布日敦塔拉 | ᠬᠠᠶᠢᠯᠠᠰᠤ ᠶᠢᠨ ᠠᠭᠤᠯᠠᠨ ᠤ ᠡᠮᠦᠨᠡᠭᠦᠷ᠂ ᠪᠠᠶᠠᠨᠬᠤᠰᠢᠭᠤ ᠠᠭᠤᠯᠠᠨ ᠠᠴᠠ ᠵᠡᠭᠦᠨ ᠡᠮᠦᠨᠡᠰᠢ ᠦᠷᠭᠦᠯᠵᠢᠯᠡᠩᠰᠡᠨ | ᠶᠡᠭᠡ ᠲᠠᠯ᠎ᠠ ᠶᠢ ᠪᠦᠷᠢᠳᠦᠨ ᠲᠠᠯ᠎ᠠ ᠭᠡᠳᠡᠭ᠃ ᠵᠠᠷᠢᠮ ᠨᠤᠮ ᠳᠡᠭᠡᠷ᠎ᠡ ᠡᠨᠡ ᠲᠠᠯ᠎ᠠ ᠶᠢ ᠵᠡᠭᠦᠨᠰᠢ ᠭᠡᠷᠰᠡᠩ᠂ ᠰᠢᠨᠡᠰᠦ᠋ᠮ᠎ᠡ᠂ | ᠳ᠋ᠠ ᠰᠢᠩ ᠤᠷᠤᠭᠤᠳᠠᠭᠰᠠᠨ ᠲᠠᠯ᠎ᠠ ᠭᠠᠵᠠᠷ ᠲᠠᠢ ᠨᠡᠶᠢᠯᠡᠭᠦᠯᠵᠤ ︽ᠬᠠᠶᠢᠯᠠᠰᠤ ᠶᠢᠨ ᠲᠠᠯ᠎ᠠ︾ ᠭᠡᠵᠤ ᠨᠡᠷᠡᠯᠡᠵᠤ ᠪᠠᠶᠢᠳᠠᠭ᠃ | ᠪᠦᠷᠢᠳᠦᠨ ᠲᠠᠯ᠎ᠠ ᠭᠡᠵᠤ ᠵᠦᠪᠭᠡᠨ ᠦᠨᠦ ᠶᠢᠨ ᠬᠠᠶᠢᠯᠠᠰᠤ ᠭᠠᠴᠠᠭ᠎ᠠ ᠶᠢᠨ ᠭᠡᠪᠴᠢᠶᠡᠨ ᠳᠤ ᠪᠠᠶᠢᠬᠤ ᠲᠠᠯ᠎ᠠ ᠭᠠᠵᠠᠷ ᠢ | ᠵᠢᠭᠠᠵᠤ ᠪᠠᠶᠢᠳᠠᠭ᠃ | ᠤᠯᠠᠭᠠᠨ ᠵᠠᠳᠠᠭᠠᠢ ᠶᠢᠨ ᠠᠶᠢᠯ乌兰吉达盖艾勒 | ᠤᠨ ᠲᠤᠭᠠᠯᠠᠯ ᠤᠨ1796 —1820 ᠤᠨ ᠤ ᠦᠶ᠎ᠡ ᠪᠠᠷ ᠨᠢᠭᠡᠨ ᠬᠤᠵᠢᠷ ᠲᠠᠢ ᠤᠯᠠᠭᠠᠨ ᠬᠠᠯᠠᠴᠠᠭᠠᠢ | ᠨᠠᠭᠤᠷ ᠤᠷᠴᠢᠮ ᠠᠶᠢᠯ ᠰᠠᠭᠤᠵᠤ ᠡᠶᠢᠮᠦ ᠨᠡᠷ᠎ᠡ ᠦᠭᠪᠡ᠃ ᠡᠨᠡ ᠠᠶᠢᠯ ᠳᠤ ᠤᠯᠠᠭᠠᠨ ᠵᠠᠳᠠᠭᠠᠢ ᠭᠠᠴᠠᠭ᠎ᠠ ᠶᠢᠨ | ᠵᠦᠪᠯᠡᠯ ᠰᠠᠭᠤᠵᠤ ᠪᠠᠶᠢᠨ᠎ᠠ᠃ ᠡᠨᠡ ᠠᠶᠢᠯ ᠨᠢ ᠬᠠᠶᠢᠯᠠᠰᠤ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ᠤ | ᠰᠠᠭᠤᠭ᠎ᠠ ᠭᠠᠵᠠᠷ ᠠᠴᠠ ᠵᠡᠭᠦᠨ ᠡᠮᠦᠨ᠎ᠡ 7.5 ᠺᠢᠯᠤᠮᠧᠲᠷ ᠬᠤᠯᠠ ᠪᠠᠶᠢᠨ᠎ᠠ᠃ | ᠴᠢᠯᠠᠭᠤᠳᠤ ᠤᠪᠤᠭ᠎ᠠ 朝鲁图敖包 | ᠴᠢᠯᠠᠭᠤ ᠤᠪᠤᠭᠠᠯᠠᠵᠤ ᠪᠣᠰᠬᠠᠭᠰᠠᠨ ᠳᠠᠭᠢᠯᠭ᠎ᠠ ᠲᠠᠢ ᠤᠪᠤᠭ᠎ᠠ᠃ ᠡᠨᠡ ᠤᠪᠤᠭ᠎ᠠ ᠨᠢ ᠤᠯᠠᠭᠠᠨ ᠵᠠᠳᠠᠭᠠᠢ ᠶᠢᠨ | ᠠᠶᠢᠯ ᠪᠤᠯᠤᠨ ᠬᠤᠶᠠᠷ ᠮᠤᠳᠤ ᠶᠢᠨ ᠠᠶᠢᠯ ᠤᠨ ᠳᠤᠮᠳᠠ ᠪᠠᠶᠢᠨ᠎ᠠ᠃ ᠠᠳᠡ ᠠᠴᠠ ᠰᠤᠪᠠᠭ ᠮᠠᠯᠲᠠᠵᠤ ᠪᠠᠶᠢᠭᠰᠠᠨ | ᠭᠦᠮᠦᠰ ᠡᠷᠳᠡᠨ ᠤ ᠯᠢᠶᠤᠤ ᠤᠯᠤᠰ ᠤᠨ ᠦᠶ᠎ᠡ ᠶᠢᠨ ᠬᠠᠭᠤᠴᠢ ᠦᠯᠡᠳᠡᠭᠳᠡᠯ ᠢ ᠲᠡᠭᠦᠵᠤ ᠤᠯᠵᠤ ᠪᠠᠶᠢᠪᠠ᠃ |