ᠠᠭᠤᠰᠬᠢ ᠪᠤᠯ ᠡᠯ᠎ᠠ ᠴᠤᠯᠤ ᠡᠷᠭᠡᠳᠡᠨ ᠤ ᠳᠤᠳᠤᠷ᠎ᠠ ᠦᠪᠡᠷ ᠢ ᠪᠠᠨ ᠬᠠᠮᠠᠭᠠᠯᠠᠬᠤ ᠴᠢᠳᠠᠪᠤᠷᠢ ᠪᠠᠷ ᠬᠠᠮᠤᠭ ᠤᠨ | ᠳᠤᠷᠤᠢ ᠮᠦᠷᠳᠡᠭᠡᠨ ᠠᠯᠢ ᠢᠯᠡᠭᠦᠦ ᠬᠠᠯᠠ ᠦᠵᠡᠳᠡᠭ ᠨᠢᠭᠡ ᠨᠢ ᠪᠤᠯᠤᠨ᠎ᠠ᠃ ᠳᠠᠮᠠᠬᠢ ᠳᠠᠳᠠᠬᠤ ᠪᠤᠯ ᠠᠭᠤᠰᠬᠢ ᠶᠢ | ᠪᠤᠬᠢᠷᠳᠤᠭᠤᠯᠳᠠᠭ ᠬᠠᠮᠤᠭ ᠤᠨ ᠶᠡᠭᠡ ᠪᠤᠬᠢᠷᠳᠤᠯ ᠤᠨ ᠡᠬᠢ ᠪᠤᠯᠤᠨ᠎ᠠ᠂ ᠡᠩ ᠤᠨ ᠬᠦᠮᠦᠨ ᠠᠭᠤᠰᠬᠢ ᠤᠯᠠᠭᠠᠨ | ᠪᠠᠶᠢᠬᠤ ᠳᠤ᠂ ᠳᠠᠮᠠᠬᠢ ᠳᠠᠳᠠᠳᠠᠭ ᠬᠦᠮᠦᠨ ᠠᠭᠤᠰᠬᠢ ᠤᠳᠤᠭᠳᠠᠭᠠᠳ ᠬᠠᠷᠠᠯᠠᠴᠢᠬᠠᠬᠰᠠᠨ ᠪᠠᠶᠢᠳᠠᠭ᠃ ᠨᠢᠺᠤᠲ᠋ᠢᠨ᠂ | ᠬᠦᠬᠦᠷ ᠤᠨ ᠳᠠᠪᠬᠤᠷ ᠢᠰᠦᠯ ᠵᠡᠷᠭᠡ ᠬᠤᠤᠷ᠎ᠠ ᠲᠠᠢ ᠪᠤᠳᠠᠰ ᠪᠦᠷ ᠠᠭᠤᠰᠬᠢᠨ ᠳᠤ ᠤᠷᠤᠳᠠᠭ ᠪᠤᠯᠬᠤᠷ ᠠᠭᠤᠰᠬᠢ | ᠮᠦᠨ ᠬᠠᠮᠤᠭ ᠤᠨ ᠪᠤᠵᠠᠷ ᠡᠷᠭᠡᠳᠡᠨ ᠪᠤᠯᠤᠨ᠎ᠠ᠃ | ᠳᠠᠷᠠᠭ᠎ᠠ ᠨᠢ ᠪᠤᠬᠢᠷᠳᠤᠯ ᠤᠨ ᠡᠬᠢ ᠠᠭᠠᠷ ᠤᠨ ᠪᠤᠬᠢᠷᠳᠤᠯ ᠪᠤᠯᠤᠨ᠎ᠠ᠃ ᠬᠦᠮᠦᠨ ᠠᠮᠢᠰᠬᠤᠬᠤ ᠳᠤ ᠠᠭᠠᠷ | ᠳᠤᠳᠤᠷᠠᠬᠢ ᠬᠦᠪᠪᠦᠮᠡᠯ ᠮᠦᠬᠦᠯᠢᠭ᠂ ᠬᠤᠤᠷ᠎ᠠ ᠲᠠᠢ ᠬᠡᠢ ᠪᠡᠶᠡᠳᠦ ᠬᠦᠮᠦᠨ ᠤ ᠪᠡᠶ᠎ᠡ ᠳᠤ ᠤᠷᠤᠵᠤ ᠪᠠᠶᠢᠳᠠᠭ᠃ | ᠠᠭᠤᠰᠬᠢᠨ ᠳᠡᠭᠡᠷᠡᠬᠢ ᠨᠠᠷᠢᠨ ᠰᠢᠷᠭᠡᠭ ᠲᠠᠢ ᠦᠰᠦ ᠵᠡᠷᠭᠡ ᠨᠢ ᠨᠢᠭᠡ ᠪᠦᠯᠦᠭ ᠪᠤᠬᠢᠷᠳᠤᠯ ᠪᠤᠳᠠᠰ ᠪᠠ ᠪᠠᠺᠲ᠋ᠧᠷᠢ ᠶᠢ | ᠴᠡᠪᠡᠷᠯᠡᠨ ᠭᠠᠷᠭᠠᠵᠤ ᠪᠠᠶᠢᠳᠠᠭ ᠪᠤᠯᠪᠠᠴᠤ ᠤᠷᠳᠤ ᠬᠤᠭᠤᠴᠠᠭ᠎ᠠ ᠪᠠᠷ ᠠᠭᠠᠷ ᠤᠨ ᠪᠤᠬᠢᠷᠳᠤᠯ ᠲᠠᠢ ᠤᠷᠴᠢᠨ | ᠳᠤᠭᠤᠷᠢᠨ ᠳᠤ ᠠᠮᠢᠳᠤᠷᠠᠬᠤ ᠶᠤᠮ ᠪᠤᠯ ᠶᠠᠮᠠᠷ ᠬᠦᠴᠦᠷᠭᠡᠭ ᠠᠭᠤᠰᠬᠢ ᠴᠤ ᠳᠡᠰᠴᠦ ᠳᠡᠶᠢᠯᠬᠦ ᠦᠭᠡᠢ ᠨᠢ ᠶᠠᠷᠢᠶᠠᠨ | ᠦᠭᠡᠢ᠃ ᠡᠭᠦᠨ ᠠᠴᠠ ᠭᠠᠳᠠᠨ᠎ᠠ᠂ ᠬᠦᠮᠦᠰ ᠤᠨ ᠡᠮᠦᠰᠴᠦ ᠵᠡᠭᠦᠭᠦ ᠢᠳᠡᠵᠦ ᠤᠤᠭᠤᠬᠤ ᠶᠠᠪᠤᠵᠤ ᠰᠠᠭᠤᠬᠤ᠂ ᠳᠦᠷᠪᠡᠨ | ᠤᠯᠠᠷᠢᠯ ᠤᠨ ᠰᠤᠯᠢᠬᠳᠠᠯ ᠵᠡᠷᠭᠡ ᠨᠢ ᠪᠦᠷ ᠠᠭᠤᠰᠬᠢ ᠳᠤ ᠨᠦᠯᠦᠭᠡ ᠦᠵᠡᠭᠦᠯᠵᠦ ᠪᠠᠶᠢᠳᠠᠭ᠃ ᠬᠡᠷᠪᠡ ᠬᠢᠴᠢᠶᠡᠬᠦ | ᠦᠭᠡᠢ ᠪᠤᠯ ᠰᠠᠯᠪᠤᠷᠢ ᠮᠦᠭᠡᠷᠰᠦᠨ ᠬᠤᠭᠤᠯᠠᠢ ᠶᠢᠨ ᠦᠷᠪᠢᠰᠦᠯ᠂ ᠠᠭᠰᠠᠭ᠎ᠠ᠂ ᠠᠭᠤᠰᠭᠢᠨ ᠤ ᠰᠦᠷᠢᠶ᠎ᠡ ᠵᠡᠷᠭᠡ ᠶᠢ | ᠡᠭᠦᠰᠭᠡᠬᠦ ᠪᠠᠷ ᠪᠠᠷᠠᠬᠤ ᠦᠭᠡᠢ ᠬᠦᠨᠳᠦ ᠨᠢ ᠠᠭᠤᠰᠭᠢᠨ ᠤ ᠦᠮᠡᠨ ᠪᠤᠯᠵᠤ ᠴᠤ ᠮᠡᠳᠡᠨ᠎ᠠ᠃ | ᠠᠭᠤᠰᠭᠢᠨ ᠳᠤ ᠬᠤᠤᠷᠠᠳᠤ ᠪᠤᠳᠠᠰ ᠬᠤᠷᠠᠭᠰᠠᠨ ᠢᠯᠡᠷᠡᠯ᠄ | 1. ᠠᠷᠠᠰᠤᠨ ᠤ ᠦᠩᠭᠡ ᠵᠢᠪᠡᠷᠡᠵᠦ᠂ ᠦᠩᠭᠡ ᠠᠯᠳᠠᠨ᠎ᠠ᠃ ᠬᠢᠳᠠᠳ ᠡᠮᠨᠡᠯᠭᠡ ᠳᠤ ᠠᠭᠤᠰᠭᠢ ᠪᠦᠬᠦ ᠪᠡᠶ᠎ᠡ ᠶᠢᠨ | ᠠᠷᠠᠰᠤ ᠶᠢ ᠬᠠᠮᠢᠶᠠᠷᠳᠠᠭ ᠭᠡᠵᠦ ᠦᠵᠡᠳᠡᠭ᠃ ᠠᠭᠤᠰᠬᠢ ᠰᠠᠶᠢᠨ ᠪᠠᠶᠢᠪᠠᠯ ᠰᠠᠶ᠋ᠢ ᠠᠷᠠᠰᠤ ᠵᠦᠭᠡᠯᠡᠨ ᠪᠤᠯᠪᠠᠷᠠᠢ᠂ ᠴᠠᠭᠠᠨ | ᠪᠠᠶᠢᠬᠤ ᠶᠢ ᠪᠠᠳᠤᠯᠠᠵᠤ ᠴᠢᠳᠠᠨ᠎ᠠ᠃ ᠠᠭᠤᠰᠭᠢᠨ ᠳᠤ ᠤᠷᠤᠭᠰᠠᠨ ᠬᠤᠤᠷᠠᠳᠤ ᠪᠤᠳᠠᠰ ᠠᠷᠪᠢᠤᠨᠬᠤ ᠦᠶ᠎ᠠ ᠳᠤ᠂ | ᠬᠤᠤᠷᠠᠳᠤ ᠪᠤᠳᠠᠰ ᠠᠭᠤᠰᠭᠢᠨ ᠤ ᠦᠢᠯᠡᠳᠦᠯᠴᠡᠯ ᠢᠶᠠᠷ ᠠᠷᠠᠰᠤᠨ ᠳᠤ ᠬᠤᠷᠠᠵᠤ᠂ ᠠᠷᠠᠰᠤ ᠦᠩᠭᠡ ᠪᠠᠨ ᠠᠯᠳᠠᠳᠠᠭ᠃ | 2. ᠬᠤᠷᠭᠤᠰᠯᠠᠬᠤ᠃ ᠬᠢᠳᠠᠳ ᠡᠮᠨᠡᠯᠭᠡ ᠳᠤ ᠠᠭᠤᠰᠬᠢ ᠪᠤᠯᠤᠨ ᠪᠦᠲᠦᠭᠦᠨ ᠭᠡᠳᠡᠰᠦ ᠨᠢ ᠨᠢᠭᠡ ᠰᠢᠰᠲ᠋ᠧᠮ ᠳᠤ | ᠪᠠᠶᠢᠵᠤ᠂ ᠳᠡᠭᠡᠷ᠎ᠡ ᠳᠠᠯ᠎ᠠ ᠶᠢᠨ ᠠᠭᠤᠰᠬᠢᠨ ᠳᠤ ᠬᠤᠤᠷᠠᠳᠤ ᠪᠤᠳᠠᠰ ᠲᠠᠢ ᠪᠤᠯᠬᠤ ᠦᠶ᠎ᠠ ᠳᠤ ᠳᠤᠤᠷᠠᠳᠤ ᠳᠠᠯ᠎ᠠ ᠶᠢᠨ | ᠪᠦᠲᠦᠭᠦᠨ ᠭᠡᠳᠡᠰᠦᠨ ᠳᠤ ᠴᠤ ᠬᠡᠪ ᠤᠨ ᠪᠤᠰᠤ ᠪᠥᠮᠭᠡᠨᠡᠷᠡᠯ ᠭᠠᠷᠴᠤ ᠬᠤᠷᠭᠤᠰᠤᠯᠠᠳᠠᠭ ᠭᠡᠵᠦ ᠦᠵᠡᠳᠡᠭ ᠪᠠᠶᠢᠨ᠎ᠠ᠃ | 3. ᠵᠤᠪᠠᠨᠢᠵᠤ ᠤᠶᠠᠷᠠᠬᠤ᠂ ᠠᠮᠠᠷᠬᠠᠨ ᠭᠤᠨᠢᠬᠤ ᠪᠠᠶᠢᠳᠠᠯ ᠭᠠᠷᠤᠨ᠎ᠠ᠃ ᠠᠭᠤᠰᠭᠢᠨ ᠳᠤ ᠬᠤᠤᠷᠠᠳᠤ ᠪᠤᠳᠠᠰ | ᠬᠤᠷᠠᠵᠤ᠂ ᠠᠭᠤᠰᠬᠢᠨ ᠤ ᠬᠡᠢ ᠴᠢᠰᠤᠨ ᠤ ᠡᠷᠭᠢᠯᠳᠡ ᠶᠢ ᠨᠦᠯᠦᠭᠡᠯᠡᠨ ᠠᠭᠤᠰᠬᠢ ᠬᠡᠪ ᠤᠨ ᠳᠡᠨᠢᠭᠦᠨ ᠪᠠᠶᠢᠳᠠᠯ ᠢᠶᠠᠨ | ᠠᠯᠳᠠᠵᠤ ᠠᠶᠤᠤᠯᠢᠬᠠᠢ ᠪᠢᠳᠡᠭᠦᠷᠡᠵᠦ᠂ ᠬᠦᠮᠦᠨ ᠨᠡᠷ᠎ᠡ ᠦᠭᠡᠢ ᠳᠠᠷᠤᠮᠳᠠ ᠳᠤ ᠤᠷᠤᠭᠰᠠᠨ ᠰᠢᠬ ᠪᠤᠯᠵᠤ ᠵᠤᠪᠠᠨᠢᠬᠤ | ᠤᠶᠠᠷᠠᠬᠤ ᠢᠯᠡᠷᠡᠯ ᠭᠠᠷᠳᠠᠭ᠃ | ᠠᠭᠤᠰᠭᠢᠨ ᠳᠤ ᠬᠤᠷᠠᠭᠰᠠᠨ ᠬᠤᠭ ᠨᠤᠪᠰᠢ ᠶᠢ ᠴᠡᠪᠡᠷᠯᠡᠬᠦ ᠠᠷᠭ᠎ᠠ ᠳᠡᠮ᠄ | 1. ᠯᠤᠤᠪᠠᠩ ᠪᠤᠯ ᠠᠭᠤᠰᠬᠢᠨ ᠳᠤ ᠬᠤᠷᠠᠭᠰᠠᠨ ᠬᠤᠤᠷᠠᠳᠤ ᠪᠤᠳᠠᠰ ᠢ ᠴᠡᠪᠠᠷᠯᠡᠬᠦ ᠰᠠᠶᠢᠨ ᠢᠳᠡᠭᠡᠨ ᠪᠤᠯᠤᠨ᠎ᠠ᠃ | ᠪᠦᠲᠦᠭᠦᠨ ᠭᠡᠳᠡᠰᠦ ᠪᠤᠯᠤᠨ ᠠᠭᠤᠰᠬᠢ ᠨᠢ ᠨᠢᠬᠳᠠ ᠬᠠᠷᠢᠴᠠᠭ᠎ᠠ ᠲᠠᠢ ᠪᠠᠶᠢᠵᠤ᠂ ᠠᠭᠤᠰᠭᠢᠨ ᠤ ᠬᠤᠤᠷᠠᠳᠤ ᠪᠤᠳᠠᠰ ᠢ | ᠭᠠᠳᠠᠭᠰᠢᠯᠠᠭᠤᠯᠬᠤ ᠭᠡᠮᠵᠢᠶ᠎ᠠ ᠨᠢ ᠪᠦᠲᠦᠭᠦᠨ ᠭᠡᠳᠡᠰᠦᠨ ᠤ ᠰᠠᠭᠠᠳ ᠦᠭᠡᠢ ᠨᠡᠪᠳᠡᠷᠡᠵᠦ ᠪᠠᠶᠢᠬᠤ ᠡᠰᠡᠬᠦ ᠪᠠᠷ | ᠳᠤᠭᠳᠠᠭᠠᠭᠳᠠᠳᠠᠭ ᠭᠡᠵᠦ ᠬᠢᠳᠠᠳ ᠡᠮᠨᠡᠯᠭᠡ ᠶᠢᠨ ᠬᠢᠨ ᠦᠵᠡᠳᠡᠭ᠃ ᠯᠤᠤᠪᠠᠩ ᠨᠢ ᠪᠦᠲᠦᠭᠦᠨ ᠭᠡᠳᠡᠰᠦ ᠶᠢ | ᠬᠠᠪᠰᠤᠷᠴᠤ ᠬᠤᠨᠤᠭᠰᠠᠨ ᠬᠤᠷᠭᠤᠰᠤ ᠶᠢ ᠭᠠᠳᠠᠭᠰᠢᠯᠠᠭᠤᠯᠳᠠᠭ᠃ ᠯᠤᠤᠪᠠᠩ ᠢ ᠳᠦᠭᠦᠬᠡᠢ ᠪᠠᠷ ᠪᠤᠶᠤ ᠪᠤᠯᠭᠤᠭᠠᠳ | ᠢᠳᠡᠵᠦ ᠪᠦᠷ ᠪᠤᠯᠤᠨ᠎ᠠ᠃ | 2. ᠬᠡᠯᠡᠭᠡᠢ ᠰᠠᠷᠠᠨ᠎ᠠ ᠨᠢ ᠠᠭᠤᠰᠭᠢᠨ ᠤ ᠬᠤᠤᠷᠠᠳᠤ ᠪᠤᠳᠠᠰ ᠢ ᠡᠰᠡᠷᠭᠦᠴᠡᠬᠦ ᠴᠢᠳᠠᠪᠤᠷᠢ ᠶᠢ ᠰᠠᠶᠢᠵᠢᠷᠠᠭᠤᠯᠳᠠᠭ᠃ | ᠠᠭᠤᠰᠬᠢ ᠶᠡᠷᠦ ᠨᠢ ᠬᠠᠭᠰᠠᠭᠰᠠᠨ ᠬᠠᠭᠤᠷᠠᠢ ᠪᠠᠶᠢᠳᠠᠯ ᠳᠤ ᠳᠤᠷ᠎ᠠ ᠦᠭᠡᠢ ᠪᠠᠶᠢᠳᠠᠭ᠂ ᠬᠠᠭᠤᠷᠠᠢ ᠤᠷᠴᠢᠨ | ᠳᠤᠭᠤᠷᠢᠨ ᠳᠤ ᠬᠤᠤᠷᠠᠳᠤ ᠪᠤᠳᠠᠰ ᠠᠭᠤᠰᠭᠢᠨ ᠳᠤ ᠠᠮᠠᠷᠬᠠᠨ ᠬᠤᠷᠠᠳᠠᠭ᠃ ᠮᠦᠭᠦ᠂ ᠬᠡᠯᠡᠭᠡᠢ ᠰᠠᠷᠠᠨ᠎ᠠ ᠨᠢ | ᠠᠭᠤᠰᠬᠢ ᠶᠢ ᠳᠡᠵᠢᠭᠡᠵᠦ ᠴᠢᠬᠢᠭ ᠢ ᠳᠦᠯᠵᠢᠭᠦᠯᠬᠦ ᠦᠢᠯᠡᠳᠦᠯ ᠢᠶᠠᠷ ᠰᠠᠶᠢᠨ ᠪᠠᠶᠢᠵᠤ᠂ ᠠᠭᠤᠰᠬᠢ ᠶᠢ ᠬᠠᠪᠰᠤᠷᠤᠨ | ᠬᠤᠤᠷᠠᠳᠤ ᠪᠤᠳᠠᠰ ᠲᠤ ᠴᠤᠬᠢᠯᠳᠠ ᠦᠭᠳᠡᠭ᠃ ᠬᠡᠯᠡᠭᠡᠢ ᠰᠠᠷᠠᠨ᠎ᠠ ᠶᠢ ᠪᠤᠯᠭᠤᠵᠤ ᠢᠳᠡᠬᠦ ᠳᠡᠭᠡᠨ ᠡᠳ᠋ᠰᠢᠭᠦᠯᠬᠦ | ᠶᠠᠪᠤᠴᠠ ᠨᠢ ᠭᠡᠳᠦ ᠤᠳᠠᠬᠤ ᠦᠭᠡᠢ ᠪᠤᠯ ᠰᠠᠶᠢᠨ᠂ ᠭᠡᠳᠦ ᠤᠳᠠᠪᠠᠯ ᠬᠡᠯᠡᠭᠡᠢ ᠰᠠᠷᠠᠨ᠎ᠠ ᠶᠢᠨ ᠰᠢᠭᠦᠰᠦ ᠨᠢ ᠪᠠᠭᠠᠰᠴᠤ | ᠬᠤᠤᠷ᠎ᠠ ᠶᠢ ᠰᠡᠷᠭᠡᠶᠢᠯᠡᠬᠦ ᠦᠢᠯᠡᠳᠦᠯ ᠨᠢ ᠶᠡᠭᠡᠪᠡᠷ ᠪᠠᠭᠤᠷᠠᠳᠠᠭ᠃ | 3. ᠠᠯᠮᠤᠷᠠᠳ ᠢᠯᠡᠭᠦᠦ ᠢᠳᠡᠨ᠎ᠠ᠃ ᠠᠮᠧᠷᠢᠺᠠ ᠶᠢᠨ ᠤᠯᠤᠰ ᠤᠨ ᠡᠷᠡᠭᠦᠯ ᠬᠠᠮᠠᠭᠠᠯᠠᠯ ᠤᠨ ᠰᠤᠳᠤᠯᠭᠠᠨ ᠤ | ᠬᠦᠷᠢᠶᠡᠯᠡᠩ ᠤᠨ ᠬᠢᠨ᠂ ᠦᠷᠭᠦᠯᠵᠢ ᠠᠯᠮᠤᠷᠠᠳ ᠢᠳᠡᠳᠡᠭ ᠬᠦᠮᠦᠨ ᠤ ᠬᠠᠨᠢᠶᠠᠬᠤ᠂ ᠴᠡᠷ ᠭᠠᠷᠬᠤ ᠨᠤᠷᠮ᠎ᠠ ᠨᠢ | ᠠᠯᠮᠤᠷᠠᠳ ᠢᠳᠡᠳᠡᠭ ᠦᠭᠡᠢ ᠬᠦᠮᠦᠨ ᠤ ᠬᠢ ᠠᠴᠠ 33% ᠳᠤᠤᠷ᠎ᠠ ᠪᠠᠶᠢᠳᠠᠭ ᠢ ᠰᠤᠳᠤᠯᠭᠠᠨ ᠢᠶᠠᠷ ᠢᠯᠡᠷᠡᠭᠦᠯᠦᠭᠰᠡᠨ | ᠪᠠᠶᠢᠨ᠎ᠠ᠃ ᠡᠨᠡ ᠨᠢ ᠠᠯᠮᠤᠷᠠᠳ ᠤᠨ ᠬᠠᠯᠢᠰᠦᠨ ᠳᠠᠬᠢ ᠵᠢᠮᠢᠰᠦᠨ ᠴᠠᠪᠠᠤ ᠪᠠ ᠢᠰᠦᠯᠳᠦᠬᠦ ᠶᠢ ᠡᠰᠡᠷᠭᠦᠴᠡᠬᠦ ᠪᠤᠳᠠᠰ ᠨᠢ | ᠠᠭᠤᠰᠬᠢᠨ ᠤ ᠦᠷᠪᠢᠰᠬᠦ ᠪᠠᠶᠢᠳᠠᠯ ᠭᠠᠷᠬᠤ ᠶᠢ ᠪᠠᠭᠠᠰᠬᠠᠳᠠᠭ ᠠᠴᠠ ᠪᠤᠯᠵᠠᠢ᠃ | 4. ᠠᠭᠤᠰᠭᠢᠨ ᠤ ᠬᠤᠤᠷᠠᠳᠤ ᠪᠤᠳᠠᠰ ᠢ ᠭᠠᠳᠠᠭᠰᠢᠯᠠᠭᠤᠯᠬᠤ ᠪᠡᠯᠴᠢᠷ ᠢ ᠨᠤᠬᠤᠯᠠᠨ᠎ᠠ᠃ ᠠᠭᠤᠰᠬᠢ ᠶᠢ | ᠳᠠᠮᠢᠷᠵᠢᠭᠤᠯᠳᠠᠭ ᠪᠡᠯᠴᠢᠷ ᠪᠤᠯ ᠾᠧ ᠭᠦ᠋ ᠪᠡᠯᠴᠢᠷ ︵合谷穴︶ ᠪᠤᠯᠤᠨ᠎ᠠ᠂ ᠠᠯᠠᠭᠠᠨ ᠤ ᠠᠷᠤ ᠳᠠᠯ᠎ᠠ ᠳᠤ᠂ | ᠡᠷᠡᠭᠡᠢ ᠳᠤᠯᠤᠪᠤᠷ ᠬᠤᠶᠠᠷ ᠬᠤᠷᠤᠭᠤᠨ ᠶᠠᠰᠤᠨ ᠤ ᠠᠭᠤᠯᠵᠠᠷ ᠲᠤ ᠪᠠᠶᠢᠨ᠎ᠠ᠂ ᠡᠷᠡᠭᠡᠢ ᠳᠤᠯᠤᠪᠤᠷ ᠬᠤᠶᠠᠷ | ᠬᠤᠷᠤᠭᠤ ᠪᠠᠷ ᠢᠶᠠᠨ ᠴᠢᠮᠬᠢᠭᠡᠳ ᠬᠦᠴᠦᠳᠠᠢ ᠨᠤᠬᠤᠯᠠᠨ᠎ᠠ᠃ | 5. ᠬᠦᠯᠦᠰᠦ ᠳᠠᠭᠤᠯᠭᠠᠵᠤ ᠬᠤᠤᠷ᠎ᠠ ᠳᠠᠶᠢᠯᠤᠨ᠎ᠠ᠃ ᠠᠭᠤᠰᠬᠢ ᠨᠢ ᠠᠷᠠᠰᠤ ᠶᠢ ᠬᠠᠮᠢᠶᠠᠷᠳᠠᠭ᠂ ᠳᠡᠶᠢᠮᠦ ᠠᠴᠠ | ᠰᠠᠶᠢᠨ ᠬᠦᠯᠦᠷᠡᠵᠦ᠂ ᠬᠦᠯᠦᠰᠦ ᠪᠠᠷ ᠪᠡᠶ᠎ᠡ ᠳᠤᠳᠤᠷᠠᠬᠢ ᠬᠤᠤᠷᠠᠳᠤ ᠪᠤᠳᠠᠰ ᠢ ᠳᠠᠭᠤᠯᠭᠠᠪᠠᠯ᠂ ᠠᠭᠤᠰᠬᠢ ᠶᠢ | ᠠᠮᠤᠷᠯᠢᠭᠤᠯᠳᠠᠭ᠃ ᠬᠦᠯᠦᠰᠦ ᠭᠠᠷᠭᠠᠬᠤ ᠳᠤ ᠳᠠᠮᠢᠷ ᠤᠨ ᠬᠦᠳᠡᠯᠭᠡᠭᠡᠨ ᠬᠢᠬᠦ ᠠᠴᠠ ᠭᠠᠳᠠᠨ᠎ᠠ᠂ ᠬᠠᠯᠠᠭᠤᠨ ᠤᠷᠤᠨ ᠳᠤ | ᠰᠠᠭᠤᠵᠤ ᠪᠤᠯᠤᠨ᠎ᠠ᠂ ᠪᠡᠶ᠎ᠡ ᠤᠬᠢᠶᠠᠬᠤ ᠤᠰᠤᠨ ᠳᠠᠭᠠᠨ ᠪᠠᠭ᠎ᠠ ᠰᠠᠭ᠎ᠠ ᠳᠦᠭᠦᠬᠡᠢ ᠭᠠ ᠪᠠ ᠵᠢᠷᠤᠭᠪᠠ ᠶᠢᠨ ᠳᠤᠰᠤ | ᠬᠢᠪᠡᠯ ᠬᠦᠯᠦᠰᠦ ᠭᠠᠷᠬᠤ ᠶᠢ ᠰᠠᠶᠢᠵᠢᠷᠠᠭᠤᠯᠵᠤ᠂ ᠪᠡᠶ᠎ᠡ ᠶᠢᠨ ᠭᠦᠨ ᠳᠤ ᠨᠢᠭᠤᠭᠳᠠᠵᠤ ᠪᠠᠶᠢᠭ᠎ᠠ ᠬᠤᠤᠷᠠᠳᠤ ᠪᠤᠳᠠᠰ ᠢ | ᠭᠠᠳᠠᠭᠰᠢᠯᠠᠭᠤᠯᠵᠤ ᠳᠡᠶᠢᠯᠦᠨ᠎ᠠ᠃ | 6. ᠭᠦᠨ ᠠᠮᠢᠰᠬᠤᠨ᠎ᠠ᠃ ᠡᠩ ᠤᠨ ᠠᠮᠢᠰᠬᠤᠬᠤ ᠳᠤ᠂ ᠶᠡᠷᠦᠳᠡᠭᠡᠨ ᠪᠠᠭ᠎ᠠ ᠰᠠᠭ᠎ᠠ ᠬᠠᠶᠠᠬᠳᠠᠮᠠᠯ ᠬᠡᠢ | ᠠᠭᠤᠰᠭᠢᠨ ᠳᠤ ᠦᠯᠡᠳᠡᠳᠡᠭ᠂ ᠡᠳᠡᠭᠡᠷ ᠬᠠᠶᠠᠬᠳᠠᠮᠠᠯ ᠬᠡᠢ ᠶᠢ ᠰᠢᠨ᠎ᠠ ᠪᠠᠷ ᠠᠮᠢᠰᠬᠤᠵᠤ ᠤᠷᠤᠭᠤᠯᠬᠤ | ᠬᠦᠴᠢᠯᠳᠦ᠋ᠷᠦᠭᠴᠢ ᠡᠯᠪᠡᠭ ᠰᠢᠨ᠎ᠠ ᠠᠭᠠᠷ ᠲᠠᠢ ᠠᠳᠠᠯᠢᠳᠬᠠᠪᠠᠯ ᠮᠦᠨ ᠨᠢᠭᠡ ᠵᠦᠢᠯ ᠤᠨ ᠬᠤᠤᠷᠠᠳᠤ ᠪᠤᠳᠠᠰ ᠪᠤᠯᠤᠨ᠎ᠠ᠃ | ᠳᠡᠶᠢᠮᠦ ᠠᠴᠠ ᠭᠦᠨ ᠠᠮᠢᠰᠬᠤᠬᠤ ᠨᠢ ᠪᠡᠶ᠎ᠡ ᠳᠤ ᠦᠯᠡᠳᠡᠭᠰᠡᠨ ᠬᠠᠶᠠᠬᠳᠠᠮᠠᠯ ᠬᠡᠢ ᠶᠢ ᠬᠦᠢᠴᠡᠳ ᠴᠡᠪᠡᠷᠯᠡᠵᠦ | ᠳᠡᠶᠢᠯᠦᠨ᠎ᠠ᠃ | 7. ᠪᠤᠬᠢᠷ ᠮᠠᠨᠠᠨ ᠲᠠᠢ ᠡᠳᠦᠷ ᠴᠢᠳᠠᠬᠤ ᠶᠢᠨ ᠳᠤᠳᠤᠷ᠎ᠠ ᠭᠠᠳᠠᠭ᠎ᠠ ᠭᠠᠷᠬᠤ ᠦᠭᠡᠢ ᠪᠤᠯ ᠰᠠᠶᠢᠨ᠃ ᠬᠡᠷᠪᠡ | ᠭᠠᠷᠬᠤ ᠳᠡᠭᠡᠷ᠎ᠡ ᠳᠤᠯᠪᠠᠯ᠂ ᠠᠮᠠ ᠬᠠᠮᠠᠷ ᠢᠶᠠᠨ ᠪᠦᠭᠯᠡᠵᠦ᠂ ᠦᠷᠯᠦᠭᠡ ᠤᠷᠤᠢ ᠶᠢᠨ ᠤᠳᠤᠭ᠎ᠠ ᠳᠤᠭᠤᠰᠤ ᠶᠡᠭᠡ | ᠴᠠᠭ ᠠᠴᠠ ᠵᠠᠶᠢᠯᠠᠰᠬᠢᠪᠠᠯ ᠵᠤᠬᠢᠨ᠎ᠠ᠃ | 8. ᠤᠰᠤ ᠢᠯᠡᠭᠦᠦ ᠤᠤᠭᠤᠵᠤ᠂ ᠳᠠᠮᠠᠬᠢ ᠳᠠᠳᠠᠬᠤ ᠦᠭᠡᠢ᠃ ᠬᠡᠷᠪᠡ ᠳᠠᠮᠠᠬᠢ ᠳᠠᠳᠠᠳᠠᠭ ᠤᠷᠴᠢᠨ ᠳᠤ ᠤᠷᠳᠤ | ᠬᠤᠭᠤᠴᠠᠭ᠎ᠠ ᠪᠠᠷ ᠪᠠᠶᠢᠳᠠᠭ ᠪᠤᠯ ᠡᠷᠭᠡᠪᠰᠢ ᠢᠯᠡᠭᠦᠭᠡᠨ ᠤᠰᠤ ᠤᠤᠭᠤᠬᠤ ᠭᠡᠷᠡᠭᠳᠡᠢ᠂ ᠳᠡᠪᠡᠪᠡᠯ ᠪᠡᠶ᠎ᠡ ᠳᠠᠬᠢ | ᠬᠤᠤᠷᠠᠳᠤ ᠪᠤᠳᠠᠰ ᠤᠨ ᠭᠠᠳᠠᠬᠰᠢᠯᠠᠭᠤᠯᠤᠯᠳᠠ ᠶᠢ ᠳᠦᠷᠭᠡᠳᠭᠡᠳᠡᠭ᠃ ᠳᠤᠭ᠎ᠠ ᠪᠠᠷᠢᠮᠳᠠ ᠠᠴᠠ ᠦᠵᠡᠪᠡᠯ᠂ ᠨᠠᠢᠮᠠᠨ | ᠬᠤᠪᠢ ᠶᠢᠨ ᠠᠭᠤᠰᠬᠢᠨ ᠦᠮᠡᠨ ᠨᠢ ᠳᠠᠮᠠᠬᠢ ᠠᠴᠠ ᠪᠤᠯᠵᠠᠢ᠂ ᠳᠡᠶᠢᠮᠦ ᠠᠴᠠ ᠳᠠᠮᠠᠬᠢ ᠳᠠᠳᠠᠬᠤ ᠪᠠᠨ ᠪᠤᠯᠢᠭᠠᠴᠢ ᠭᠡᠵᠦ | ᠰᠠᠨᠠᠭᠤᠯᠤᠶ᠎ᠠ᠃ | 9. ᠦᠷᠯᠦᠭᠡ ᠶᠢᠨ 7— 9 ᠴᠠᠭ ᠪᠤᠯ ᠠᠭᠤᠰᠭᠢᠨ ᠳᠠᠮᠢᠷ ᠬᠠᠮᠤᠭ ᠤᠨ ᠴᠢᠩᠭ᠎ᠠ ᠪᠠᠶᠢᠳᠠᠭ ᠬᠤᠭᠤᠴᠠᠭ᠎ᠠ | ᠪᠤᠯᠤᠨ᠎ᠠ᠃ ᠡᠶᠢᠮᠦ ᠠᠴᠠ ᠡᠨᠡᠬᠦ ᠬᠤᠭᠤᠴᠠᠭᠠᠨ ᠳᠤ ᠳᠠᠮᠢᠷ ᠤᠨ ᠬᠦᠳᠡᠯᠭᠡᠭᠡᠨ ᠬᠢᠬᠦ ᠪᠠᠷ ᠳᠠᠮᠵᠢᠭᠤᠯᠤᠨ ᠬᠤᠤᠷ᠎ᠠ ᠶᠢ | ᠭᠠᠳᠠᠭᠰᠢᠯᠠᠭᠤᠯᠪᠠᠯ ᠬᠠᠮᠤᠭ ᠤᠨ ᠰᠠᠶᠢᠨ᠃ ᠠᠭᠤᠰᠭᠢᠨ ᠳᠠᠮᠢᠷ ᠴᠢᠩᠭ᠎ᠠ ᠬᠤᠭᠤᠴᠠᠭᠠᠨ ᠳᠤ ᠬᠦᠶᠦᠬᠦ ᠠᠯᠬᠤᠬᠤ ᠵᠡᠷᠭᠡ | ᠬᠦᠴᠢᠯᠳᠦ᠋ᠷᠦᠭᠴᠢᠳᠤ ᠬᠦᠳᠡᠯᠭᠡᠭᠡᠨ ᠬᠢᠪᠡᠯ ᠠᠭᠤᠰᠭᠢᠨ ᠤ ᠬᠤᠤᠷ᠎ᠠ ᠶᠢ ᠭᠠᠳᠠᠭᠰᠢᠯᠠᠭᠤᠯᠬᠤ ᠴᠢᠳᠠᠪᠤᠷᠢ ᠶᠢ | ᠳᠡᠭᠡᠭᠰᠢᠯᠡᠭᠦᠯᠳᠡᠭ᠃ |