1 ᠴᠠᠭ ᠲᠤ᠄ ᠬᠦᠮᠦᠨ ᠨᠣᠶᠢᠷᠰᠤᠭ ᠪᠠᠶᠢᠳᠠᠯ ᠳᠤ ᠤᠷᠦᠰᠢᠵᠦ ᠤᠯᠠᠨ ᠵᠡᠭᠦᠳᠦ ᠵᠡᠭᠦᠳᠦᠯᠵᠦ᠂ ᠬᠠᠭᠤᠴᠢᠨ | ᠡᠪᠡᠳᠴᠢᠨ ᠬᠢᠯᠪᠠᠷ ᠬᠦᠨᠳᠦᠷᠡᠨ᠎ᠡ᠃ | 2 ᠴᠠᠭ ᠲᠤ᠄ ᠪᠡᠶ᠎ᠡ ᠶᠢᠨ ᠤᠯᠠᠩᠬᠢ ᠡᠷᠬᠡᠲᠡᠨ ᠤ ᠠᠵᠢᠯᠯᠠᠭ᠎ᠠ ᠤᠳᠠᠭᠠᠰᠢᠷᠠᠬᠤ ᠪᠤᠶᠤ ᠵᠤᠭᠰᠤᠩᠬᠢᠷᠠᠬᠤ | ᠪᠠᠶᠢᠳᠠᠯ ᠳᠤ ᠤᠷᠦᠰᠢᠨᠠ᠂ ᠭᠡᠪᠡᠴᠤ ᠡᠯᠢᠭᠡ ᠦᠷᠭᠦᠯᠵᠢᠯᠡᠨ ᠠᠵᠢᠯᠯᠠᠵᠤ ᠪᠡᠶ᠎ᠡ ᠶᠢᠨ ᠬᠡᠷᠡᠭᠰᠡᠬᠦ ᠡᠯ᠎ᠡ ᠵᠦᠢᠯ ᠤᠨ ᠰᠢᠮ᠎ᠡ | ᠲᠡᠵᠢᠭᠡᠯ ᠢ ᠪᠤᠢ ᠪᠤᠯᠭᠠᠵᠤ ᠬᠠᠩᠭᠠᠨ᠎ᠠ᠃ | 3 ᠴᠠᠭ ᠲᠤ᠄ ᠪᠦᠬᠦ ᠪᠡᠶ᠎ᠡ ᠲᠠᠯᠪᠢᠭᠤᠷᠠᠨ ᠠᠮᠠᠷᠠᠵᠤ᠂ ᠪᠤᠯᠴᠢᠩ ᠰᠢᠷᠪᠦᠰᠦ ᠰᠤᠯᠠᠷᠠᠵᠤ᠂ ᠴᠢᠰᠤᠨ ᠳᠠᠷᠤᠯᠲᠠ | ᠳᠤᠷᠤᠭᠰᠢᠯᠠᠵᠤ᠂ ᠵᠢᠷᠦᠬᠡᠨ ᠴᠤᠬᠢᠯᠠᠭ᠎ᠠ ᠵᠢᠴᠢ ᠠᠮᠢᠰᠬᠤᠯ ᠤᠨ ᠤᠳᠠᠭ᠎ᠠ ᠪᠠᠭᠠᠰᠤᠨ᠎ᠠ᠃ | 4 ᠴᠠᠭ ᠲᠤ᠄ ᠴᠢᠰᠤᠨ ᠳᠠᠷᠦᠯᠲᠠ ᠶᠢᠨ ᠬᠡᠮᠵᠢᠶ᠎ᠡ ᠬᠠᠮᠤᠭ ᠤᠨ ᠳᠤᠤᠷ᠎ᠠ ᠪᠤᠯᠵᠤ ᠠᠮᠢᠰᠬᠤᠯ ᠰᠤᠯᠠᠷᠠᠵᠤ ᠪᠦᠬᠦ | ᠪᠡᠶ᠎ᠡ ᠶᠢᠨ ᠡᠯ᠎ᠡ ᠡᠷᠬᠡᠲᠡᠨ ᠤ ᠠᠵᠢᠯᠯᠠᠭ᠎ᠠ ᠤᠳᠠᠭᠠᠰᠢᠷᠠᠬᠤ ᠪᠠᠶᠢᠳᠠᠯ ᠳᠤ ᠤᠷᠤᠰᠢᠨ᠎ᠠ᠂ ᠭᠡᠪᠡᠴᠦ ᠰᠡᠷᠡᠯ ᠰᠡᠷᠭᠡᠭ | ᠪᠠᠶᠢᠳᠠᠯ ᠳᠤ ᠤᠷᠦᠰᠢᠨᠠ᠃ | 5 ᠴᠠᠭ ᠲᠤ᠄ ᠪᠡᠶ᠎ᠡ ᠶᠢᠨ ᠡᠯ᠎ᠡ ᠡᠷᠬᠡᠲᠡᠨ ᠰᠡᠷᠬᠦᠵᠤ ᠠᠵᠢᠯᠯᠠᠬᠤ ᠪᠠᠶᠢᠳᠠᠯ ᠲᠠᠢ ᠪᠤᠯᠤᠨ᠎ᠠ᠃ | 6 ᠴᠠᠭ ᠲᠤ᠄ ᠴᠢᠰᠤᠨ ᠳᠠᠷᠦᠯᠲᠠ ᠦᠨᠳᠦᠷᠵᠢᠵᠤ ᠵᠢᠷᠦᠬᠡᠨ ᠴᠣᠬᠢᠯᠭ᠎ᠠ ᠲᠦᠷᠭᠡᠳᠴᠤ᠂ ᠴᠡᠭᠡᠵᠢᠯᠡᠬᠦ ᠴᠢᠳᠠᠪᠤᠷᠢ | ᠠᠩᠬᠠᠳᠠᠭᠴᠢ ᠤᠷᠭᠢᠯ ᠤᠨ ᠦᠶ᠎ᠡ ᠳᠤ ᠬᠦᠷᠴᠤ᠂ ᠪᠡᠶ᠎ᠡ ᠶᠢᠨ ᠡᠷᠬᠡᠲᠡᠨ ᠬᠡᠪ ᠤᠨ ᠠᠵᠢᠯᠯᠠᠭ᠎ᠠ ᠪᠠᠨ ᠰᠡᠷᠭᠦᠭᠡᠨ᠎ᠡ᠃ | 7 ᠴᠠᠭ ᠲᠤ᠄ ᠳᠣᠲᠤᠷ᠎ᠠ ᠪᠦᠭᠡᠷ᠎ᠡ ᠶᠢᠨ ᠠᠵᠢᠯᠯᠠᠭ᠎ᠠ ᠤᠷᠬᠢᠯ ᠳᠠᠭᠠᠨ ᠬᠦᠷᠴᠦ᠂ ᠪᠡᠶ᠎ᠡ ᠶᠢᠨ ᠳᠤᠯᠠᠭᠠᠨ | ᠦᠨᠳᠦᠷᠵᠢᠵᠦ ᠴᠢᠰᠤᠨ ᠤ ᠡᠷᠭᠢᠯᠲᠡ ᠲᠦᠷᠭᠡᠳᠴᠤ᠂ ᠪᠡᠶ᠎ᠡ ᠶᠢᠨ ᠡᠭᠡᠯᠢᠯᠡᠬᠦ ᠴᠢᠳᠠᠪᠦᠷᠢ ᠳᠡᠭᠡᠭᠰᠢᠯᠡᠨ᠎ᠡ᠃ | 8 ᠴᠠᠭ ᠲᠤ᠄ ᠪᠡᠶ᠎ᠡ ᠶᠢᠨ ᠡᠯ᠎ᠡ ᠡᠷᠬᠡᠲᠡᠨ ᠬᠦᠭᠰᠡᠬᠦ ᠪᠠᠶᠢᠳᠠᠯ ᠳᠤ ᠤᠷᠦᠵᠤ᠂ ᠡᠯᠢᠭᠡ ᠪᠡᠶ᠎ᠡ ᠶᠢᠨ ᠳᠤᠲᠤᠷᠠᠬᠢ | ᠬᠤᠤᠷᠲᠦ ᠪᠤᠳᠠᠰ ᠢ ᠭᠠᠳᠠᠭᠰᠢᠯᠠᠭᠤᠯᠵᠤ᠂ ᠴᠡᠭᠡᠵᠢᠯᠡᠬᠦ ᠴᠢᠳᠠᠪᠤᠷᠢ ᠬᠤᠶᠠᠳᠠᠬᠢ ᠤᠷᠬᠢᠯ ᠳᠤ ᠪᠠᠨ ᠬᠦᠷᠦᠨ᠎ᠡ᠃ | 9 ᠴᠠᠭ ᠲᠤ᠄ ᠮᠡᠳᠡᠷᠡᠯ ᠤᠨ ᠰᠢᠰᠲ᠋ᠧᠮ ᠴᠡᠭᠡᠵᠢᠯᠡᠬᠦ ᠴᠢᠳᠠᠪᠤᠷᠢ ᠮᠦᠨ ᠤᠷᠬᠢᠯ ᠤᠨ ᠦᠶ᠎ᠡ ᠳᠤ ᠤᠷᠦᠰᠢᠵᠤ᠂ | ᠵᠢᠷᠦᠬᠡ ᠬᠠᠮᠤᠭ ᠤᠨ ᠡᠷᠴᠢᠮᠲᠠᠢ ᠠᠵᠢᠯᠯᠠᠵᠤ᠂ ᠪᠡᠶ᠎ᠡ ᠶᠢᠨ ᠬᠦᠴᠦ ᠲᠠᠮᠢᠷ ᠨᠡᠮᠡᠭᠳᠡᠨ᠎ᠡ᠃ | 10 ᠴᠠᠭ ᠲᠤ᠄ ᠪᠡᠶ᠎ᠡ ᠶᠢᠨ ᠢᠳᠡᠪᠬᠢᠲᠦ ᠴᠢᠨᠠᠷ ᠳᠡᠭᠡᠭᠰᠢᠯᠡᠵᠦ ᠪᠡᠶ᠎ᠡ ᠶᠢᠨ ᠡᠯ᠎ᠡ ᠡᠷᠬᠡᠲᠡᠨ ᠤ ᠠᠵᠢᠯᠯᠠᠬᠤ | ᠴᠢᠳᠠᠪᠤᠷᠢ ᠠᠩᠬ᠎ᠠ ᠤᠳᠠᠭ᠎ᠠ ᠤᠷᠭᠢᠯ ᠤᠨ ᠦᠶ᠎ᠡ ᠳᠤ ᠤᠷᠦᠨᠠ᠃ | 11 ᠴᠠᠭ ᠲᠤ᠄ ᠵᠢᠷᠦᠬᠡ ᠮᠥᠨ ᠡᠷᠴᠢᠮᠲᠠᠢ ᠠᠵᠢᠯᠯᠠᠵᠤ᠂ ᠪᠡᠶ᠎ᠡ ᠶᠢᠨ ᠮᠡᠳᠡᠷᠡᠯ᠂ ᠬᠦᠴᠦ ᠲᠠᠮᠢᠷ ᠮᠥᠨ | ᠤᠷᠭᠢᠯ ᠤᠨ ᠦᠶ᠎ᠡ ᠳᠤ ᠤᠷᠦᠰᠢᠨᠠ᠃ | 12 ᠴᠠᠭ ᠲᠤ᠄ ᠪᠡᠶ᠎ᠡ ᠶᠢᠨ ᠴᠤᠭᠴᠠ ᠬᠠᠮᠤᠭ ᠤᠨ ᠲᠠᠮᠢᠷᠯᠢᠭ ᠦᠶ᠎ᠡ ᠳᠤ ᠪᠠᠨ ᠤᠷᠦᠰᠢᠨᠠ᠃ | 13 ᠴᠠᠭ ᠲᠤ᠄ ᠪᠡᠶ᠎ᠡ ᠴᠤᠭᠴᠠ ᠵᠦᠳᠡᠷᠡᠬᠦ ᠪᠠᠶᠢᠳᠠᠯ ᠳᠤ ᠤᠷᠦᠰᠢᠵᠤ᠂ ᠤᠨᠲᠠᠵᠤ ᠠᠮᠠᠷᠠᠬᠤ ᠴᠢᠬᠤᠯᠠ ᠲᠠᠢ᠃ | 14 ᠴᠠᠭ ᠲᠤ᠄ ᠪᠡᠶ᠎ᠡ ᠴᠤᠭᠴᠠ ᠬᠤᠶᠠᠳᠠᠬᠢ ᠮᠠᠭᠤᠲᠠᠬᠤ ᠪᠠᠶᠢᠳᠠᠯ ᠳᠤ ᠤᠷᠦᠰᠢᠵᠦ᠂ ᠲᠤᠰᠬᠠᠯ ᠪᠢᠳᠠᠭᠤ | ᠪᠤᠯᠤᠨ᠎ᠠ᠃ | 15 ᠴᠠᠭ ᠲᠤ᠄ ᠪᠡᠶ᠎ᠡ ᠶᠢᠨ ᠡᠯ᠎ᠡ ᠡᠷᠬᠡᠲᠡᠨ ᠳᠠᠬᠢᠨ ᠰᠡᠷᠬᠦᠨ ᠰᠠᠶᠢᠵᠢᠷᠠᠵᠤ᠂ ᠵᠦᠳᠡᠷᠡᠬᠦ ᠪᠠᠶᠢᠳᠠᠯ ᠠᠷᠢᠯᠤᠨ᠎ᠠ᠃ | 16 ᠴᠠᠭ ᠲᠤ᠄ ᠴᠢᠰᠤᠨ ᠳᠠᠬᠢ ᠰᠢᠬᠢᠷᠯᠢᠭ ᠤᠨ ᠬᠡᠮᠵᠢᠶ᠎ᠡ ᠥᠨᠳᠥᠷᠵᠢᠬᠦ ᠪᠤᠯᠬᠤᠷ ᠡᠨᠡ ᠦᠶ᠎ᠡ ᠳᠤ ᠲᠤᠰᠤᠯᠢᠭ | ᠰᠢᠬᠢᠷᠯᠢᠭ ᠢᠳᠡᠭᠡᠨ ᠢᠳᠡᠬᠦ ᠶᠢ ᠴᠡᠭᠡᠷᠯᠡᠬᠦ ᠬᠡᠷᠡᠭᠲᠠᠢ᠃ | 17 ᠴᠠᠭ ᠲᠤ᠄ ᠪᠡᠶ᠎ᠡ ᠶᠢᠨ ᠡᠯ᠎ᠡ ᠡᠷᠬᠡᠲᠡᠨ ᠤ ᠠᠵᠢᠯᠯᠠᠬᠤ ᠴᠢᠳᠠᠪᠦᠷᠢ ᠦᠨᠳᠦᠷ ᠬᠡᠮᠵᠢᠶᠡᠨ ᠳᠤ ᠤᠷᠦᠰᠢᠵᠦ᠂ | ᠤᠨᠴᠠᠭᠠᠶᠢᠯᠠᠨ ᠦᠨᠦᠷᠯᠡᠬᠦ ᠰᠡᠷᠡᠯ ᠤᠷᠬᠢᠯ ᠤᠨ ᠦᠶ᠎ᠡ ᠳᠤ ᠪᠠᠨ ᠬᠦᠷᠦᠨ᠎ᠡ᠃ | 18 ᠴᠠᠭ ᠲᠤ᠄ ᠪᠡᠶ᠎ᠡ ᠶᠢᠨ ᠬᠦᠴᠦ ᠲᠠᠮᠢᠷ ᠬᠢᠭᠡᠳ ᠲᠡᠰᠪᠦᠷᠢ ᠴᠢᠨᠠᠷ ᠨᠢᠭᠡ ᠡᠳᠦᠷ ᠤᠨ ᠳᠤᠲᠤᠷ᠎ᠠ ᠬᠠᠮᠤᠭ | ᠦᠨᠳᠦᠷ ᠲᠦᠪᠰᠢᠨ ᠳᠤ ᠬᠦᠷᠬᠦ ᠪᠤᠯᠬᠤᠷ ᠡᠨᠡ ᠦᠶ᠎ᠡ ᠳᠤ ᠬᠦᠳᠡᠯᠭᠡᠭᠡᠨ ᠪᠤᠯᠪᠠᠰᠤᠷᠠᠯ ᠬᠢᠪᠡᠯ ᠰᠠᠶᠢᠨ᠃ | 19 ᠴᠠᠭ ᠲᠤ᠄ ᠴᠢᠰᠦᠨ ᠳᠠᠷᠦᠯᠲᠠ ᠦᠨᠳᠦᠷᠵᠢᠵᠦ᠂ ᠵᠢᠷᠦᠬᠡᠨ ᠴᠣᠬᠢᠯᠭ᠎ᠠ ᠲᠡᠭᠰᠢ ᠪᠤᠰᠤ ᠪᠤᠯᠵᠤ᠂ ᠤᠶᠤᠨ | ᠰᠠᠨᠠᠭ᠎ᠠ ᠲᠤᠭᠲᠠᠪᠤᠷᠢ ᠦᠭᠡᠢ ᠪᠤᠯᠤᠨ᠎ᠠ᠃ ᠡᠨᠡ ᠦᠶ᠎ᠡ ᠳᠤ ᠠᠮᠠᠷᠬᠠᠨ ᠬᠡᠷᠡᠭᠦᠯ ᠵᠢᠭᠤᠷᠠᠭᠠᠨ ᠡᠭᠦᠰᠦᠨ᠎ᠡ᠃ | 20 ᠴᠠᠭ ᠲᠤ᠄ ᠪᠡᠶ᠎ᠡ ᠶᠢᠨ ᠬᠦᠨᠳᠦ ᠬᠠᠮᠤᠭ ᠶᠡᠭᠡ ᠪᠤᠯᠵᠤ᠂ ᠮᠡᠳᠡᠷᠡᠯ ᠰᠡᠷᠡᠯ ᠤᠷᠭᠢᠯ ᠤᠨ ᠦᠶ᠎ᠡ ᠳᠤ | ᠤᠷᠦᠰᠢᠨᠠ᠃ | 21 ᠴᠠᠭ ᠲᠤ᠄ ᠴᠡᠭᠡᠵᠢᠯᠡᠬᠦ ᠴᠢᠳᠠᠪᠦᠷᠢ ᠤᠨᠴᠠ ᠰᠠᠶᠢᠨ ᠪᠤᠯᠵᠤ ᠳᠠᠪᠲᠠᠵᠦ ᠰᠤᠷᠤᠯᠴᠠᠬᠤ ᠳᠤ ᠤᠬᠢ ᠰᠠᠶᠢᠨ | ᠦᠶ᠎ᠡ ᠪᠤᠯᠤᠨ᠎ᠠ᠃ | 22 ᠴᠠᠭ ᠲᠤ᠄ ᠪᠡᠶ᠎ᠡ ᠶᠢᠨ ᠳᠤᠯᠠᠭᠠᠨ ᠡᠬᠢᠯᠡᠨ ᠳᠤᠷᠤᠭᠰᠢᠯᠠᠵᠤ᠂ ᠵᠢᠷᠦᠬᠡᠨ ᠴᠤᠬᠢᠯᠭ᠎ᠠ ᠬᠢᠭᠡᠳ ᠴᠢᠰᠦᠨ | ᠳᠠᠷᠦᠯᠲᠠ ᠠᠯᠭᠤᠷ ᠳᠤᠷᠦᠭ᠌ᠰᠢᠯᠠᠵᠤ᠂ ᠪᠡᠶ᠎ᠡ ᠶᠢᠨ ᠤᠯᠠᠩᠬᠢ ᠡᠷᠬᠡᠲᠡᠨ ᠤ ᠠᠵᠢᠯᠯᠠᠭ᠎ᠠ ᠠᠭᠠᠵᠢᠮ ᠢᠶᠠᠷ ᠮᠠᠭᠤᠲᠠᠨ᠎ᠠ᠃ | 23 ᠴᠠᠭ ᠲᠤ᠄ ᠪᠡᠶ᠎ᠡ ᠶᠢᠨ ᠡᠯ᠎ᠡ ᠡᠷᠬᠡᠲᠡᠨ ᠠᠮᠠᠷᠠᠬᠤ ᠪᠠᠶᠢᠳᠠᠯ ᠳᠤ ᠤᠷᠦᠰᠢᠵᠤ᠂ ᠪᠡᠶ᠎ᠡ ᠶᠢᠨ ᠳᠤᠲᠤᠭᠠᠳᠦᠬᠢ | ᠡᠰ ᠤᠨ ᠰᠤᠯᠢᠵᠤ ᠰᠢᠨᠡᠳᠬᠡᠵᠤ ᠡᠬᠢᠯᠡᠨ᠎ᠡ᠃ | 24 ᠴᠠᠭ ᠲᠤ᠄ ᠪᠡᠶ᠎ᠡ ᠶᠢᠨ ᠳᠤᠲᠤᠭᠠᠳᠤ ᠶᠢᠨ ᠦᠬᠦᠭᠰᠡᠨ ᠡᠰ ᠢᠶᠠᠨ ᠰᠢᠨᠡᠳᠬᠡᠬᠦ ᠬᠦᠨᠳᠦ ᠶᠠᠭᠠᠷᠠᠤ | ᠠᠵᠢᠯᠯᠠᠭ᠎ᠠ ᠬᠢᠵᠤ ᠳᠠᠷᠠᠭ᠎ᠠ ᠡᠳᠦᠷ ᠤᠨ ᠠᠵᠢᠯ ᠤᠨ ᠪᠡᠯᠡᠳᠬᠡᠯ ᠬᠢᠨ᠎ᠡ᠃ | |