ᠬᠤᠷᠢᠨ ᠲᠦᠷᠪᠡᠨ ᠴᠠᠭ ᠣᠯᠠᠷᠢᠯ ᠤᠨ ᠣᠷᠴᠢᠯ
ᠨᠡᠶᠢᠲᠡᠯᠡᠭᠰᠡᠨ ᠴᠠᠭ᠄
2024/6/24
     ᠬᠠᠪᠣᠷ ᠤᠨ ᠠᠭᠤᠷ ︵2 ᠰᠠᠷᠠᠶᠢᠨ 4.5 ᠡᠳᠦᠷ︶ ᠡᠬᠢᠯᠡᠬᠦᠶ᠎ᠡ      ᠬᠤᠷ᠎ᠠ ᠣᠰᠣ ︵2 ᠰᠠᠷᠠᠶᠢᠨ18.19.20 ᠡᠳᠦᠷ︶ ᠣᠯᠠᠳᠠᠵᠣ᠂      ᠢᠴᠡᠭᠰᠡᠳ ︵3 ᠰᠠᠷᠠᠶᠢᠨ5.6 ᠡᠳᠦᠷ︶ ᠮᠢᠴᠡᠭᠰᠡᠳ ᠬᠦᠳᠡᠯᠣᠮᠤᠢ᠃      ᠬᠠᠪᠣᠷ ᠤᠨ ᠬᠤᠭᠤᠰ ︵3 ᠰᠠᠷᠠᠶᠢᠨ 20.21ᠡᠳᠦᠷ︶ ᠦᠩᠬᠡᠷᠡᠬᠦᠶ᠎ᠡ      ᠬᠠᠩᠰᠢ ︵4 ᠰᠠᠷᠠᠶᠢᠨ4.5.6 ᠡᠳᠦᠷ︶ ᠨᠡᠭᠡᠭᠡᠯᠲᠡ ᠪᠣᠯᠵᠣ᠂      ᠲᠠᠷᠢᠶᠠᠯᠠᠩ ᠤᠨ ᠬᠤᠷ᠎ᠠ ︵4 ᠰᠠᠷᠠᠶᠢᠨ20.21ᠡᠳᠦᠷ︶ ᠡᠬᠢᠯᠡᠮᠤᠢ᠃      ᠵᠣᠨ ᠤ ᠠᠭᠤᠷ ︵5 ᠰᠠᠷᠠᠶᠢᠨ5.6 ᠡᠳᠦᠷ︶ ᠣᠷᠣᠬᠤᠶ᠎ᠠ      ᠦᠴᠦᠭᠡᠨ ᠲᠦᠭᠦᠷᠡᠩ ︵5 ᠰᠠᠷᠠᠶᠢᠨ21.22 ᠡᠳᠦᠷ︶ ᠪᠣᠯᠵᠣ᠂      ᠪᠣᠭᠤᠳᠠᠢ ᠪᠣᠯᠪᠠᠰᠣᠷᠠᠨ ︵6 ᠰᠠᠷᠠᠶᠢᠨ5.6.7 ᠡᠳᠦᠷ︶ ᠬᠠᠳᠠᠭᠤᠵᠢᠮᠤᠢ᠃      ᠵᠣᠨ ᠤ ᠲᠣᠶᠢᠯ ︵6 ᠰᠠᠷᠠᠶᠢᠨ21.22 ᠡᠳᠦᠷ︶ ᠪᠣᠯᠪᠠᠯ      ᠪᠠᠭ᠎ᠠ ᠬᠠᠯᠠᠭᠤᠨ ︵7 ᠰᠠᠷᠠᠶᠢᠨ7.8 ᠡᠳᠦᠷ︶ ᠪᠣᠯᠵᠣ᠂      ᠶᠡᠭᠡ ᠬᠠᠯᠠᠭᠤᠨ ︵7 ᠰᠠᠷᠠᠶᠢᠨ23.24 ᠡᠳᠦᠷ︶ ᠦᠷᠬᠦᠯᠵᠢᠯᠡᠮᠤᠢ᠃      ᠨᠠᠮᠣᠷ ᠤᠨ ᠠᠭᠤᠷ ︵8 ᠰᠠᠷᠠᠶᠢᠨ7.8 ᠡᠳᠦᠷ︶ ᠣᠷᠣᠬᠤᠶ᠎ᠠ      ᠬᠠᠯᠠᠭᠤᠨ ᠡᠭᠡᠵᠣ ︵8 ᠰᠠᠷᠠᠶᠢᠨ21.22.23 ᠡᠳᠦᠷ︶ ᠬᠠᠷᠢᠭᠠᠳ᠂      ᠴᠠᠭᠠᠨ ᠰᠢᠭᠦᠳᠡᠷᠢ ︵9 ᠰᠠᠷᠠᠶᠢᠨ7.8.9 ᠡᠳᠦᠷ︶ ᠪᠣᠯᠣᠮᠤᠢ᠃      ᠨᠠᠮᠣᠷ ᠤᠨ ᠬᠤᠭᠤᠰ ︵9 ᠰᠠᠷᠠᠶᠢᠨ22.23.24 ᠡᠳᠦᠷ︶ ᠦᠩᠬᠡᠷᠡᠬᠦᠶ᠎ᠡ᠂      ᠬᠦᠢᠳᠡᠨ ᠰᠢᠭᠦᠳᠡᠷᠢ ︵10 ᠰᠠᠷᠠᠶᠢᠨ8.9 ᠡᠳᠦᠷ︶ ᠪᠣᠯᠵᠣ      ᠬᠢᠷᠠᠭᠤ ᠭᠢᠷᠰᠠᠤ ᠣᠨᠠᠮᠤᠢ ︵10 ᠰᠠᠷᠠᠶᠢᠨ23.24 ᠡᠳᠦᠷ︶᠃      ᠡᠪᠣᠯ ᠤᠨ ᠠᠭᠤᠷ ︵11 ᠰᠠᠷᠠᠶᠢᠨ7.8 ᠡᠳᠦᠷ︶ ᠣᠷᠣᠬᠤᠶ᠎ᠠ      ᠪᠠᠭ᠎ᠠ ᠴᠠᠰᠣ ︵11 ᠰᠠᠷᠠᠶᠢᠨ21.22 ᠡᠳᠦᠷ︶ ᠯᠠᠪᠰᠠᠯᠠᠵᠤ᠂      ᠶᠡᠭᠡ ᠴᠠᠰᠣ ︵12 ᠰᠠᠷᠠᠶᠢᠨ7.8 ᠡᠳᠦᠷ︶ ᠦᠷᠬᠦᠯᠵᠢᠯᠡᠮᠤᠢ᠃      ᠡᠪᠣᠯ ᠤᠨ ᠲᠣᠶᠢᠯ ︵12 ᠰᠠᠷᠠᠶᠢᠨ21.22.23 ᠡᠳᠦᠷ︶ ᠪᠣᠯᠪᠠᠯ      ᠪᠠᠭ᠎ᠠ ᠬᠦᠢᠳᠡᠨ ︵1 ᠰᠠᠷᠠᠶᠢᠨ6.7 ᠡᠳᠦᠷ︶ ᠬᠦᠢᠲᠡᠷᠡᠵᠦ᠂      ᠶᠡᠭᠡ ᠬᠦᠢᠳᠡᠨ ︵1 ᠰᠠᠷᠠᠶᠢᠨ20.21 ᠡᠳᠦᠷ︶ ᠪᠣᠯᠣᠮᠤᠢ᠃      ᠰᠡᠷ᠎ᠠ ᠪᠦᠷᠢ ᠶᠢᠨ ᠬᠤᠭᠤᠴᠠᠭᠠᠨ᠎ᠠ      ᠬᠤᠶᠠᠷ ᠴᠠᠭ ᠣᠯᠠᠷᠢᠯ ᠠᠨᠤ      ᠲᠣᠭᠳᠠᠭᠰᠠᠨ ᠡᠳᠣᠷ᠎ᠡ ᠢᠷᠡᠮᠤᠢ᠃      ᠰᠠᠨᠠᠭᠠᠨ ᠲᠠᠪᠠ ᠪᠠᠷ      ᠵᠦᠷᠢᠬᠦᠯᠬᠦ ᠭᠡᠰᠡᠨ ᠴᠣ᠋      ᠬᠤᠶᠠᠷ ᠡᠳᠣᠷ ᠠᠴᠠ ᠢᠯᠡᠬᠦᠦ      ᠡᠰᠡ ᠵᠥᠷᠢᠬᠦ ᠶᠢ ᠬᠡᠮᠵᠢᠵᠦᠬᠦᠢ᠃      ᠲᠡᠭᠡᠳᠣ ᠬᠠᠭᠠᠰ ᠵᠢᠯ ᠳᠤ      ᠰᠢᠨ᠎ᠡ ᠶᠢᠨ ᠵᠢᠷᠭᠤᠭᠠᠨ᠂      ᠬᠤᠷᠢᠨ ᠨᠢᠭᠡᠨ ᠳᠤ ᠢᠷᠡᠬᠦᠶ᠎ᠡ᠂      ᠲᠣᠣᠷᠠᠳᠣ ᠬᠠᠭᠠᠰ ᠵᠢᠯ ᠳᠤ      ᠰᠢᠨ᠎ᠡ ᠶᠢᠨ ᠨᠠᠢᠮᠠᠨ᠂      ᠬᠤᠷᠢᠨ ᠭᠤᠷᠪᠠᠨ ᠳᠤ ᠢᠷᠡᠵᠦᠬᠦᠢ᠃
 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号
Baidu
map